ᠨᠡᠪᠲᠡᠷᠡᠨ ᠤᠷᠤᠬᠤ
ᠨᠡᠢ᠌ᠭᠡᠮ ᠪᠣᠯ ᠮᠢᠨᠤ ᠶᠡᠭᠡ ᠰᠤᠷᠭᠠᠭᠤᠯᠢ

ᠨᠡᠢ᠌ᠭᠡᠮ ᠪᠣᠯ ᠮᠢᠨᠤ ᠶᠡᠭᠡ ᠰᠤᠷᠭᠠᠭᠤᠯᠢ

ᠮᠠᠯᠴᠢᠨ ᠪᠣᠯ ᠮᠢᠨᠤ ᠡᠯᠰᠡᠭ᠍ᠰᠡᠨ ᠰᠠᠯᠪᠣᠷᠢ

ᠡᠭᠡ ᠭᠡᠯᠡ ᠪᠣᠯ ᠮᠢᠨᠤ ᠡᠷᠭᠢᠯᠡᠭ᠍ᠴᠢ ᠪᠠᠭᠰᠢ

ᠡᠭᠡ ᠣᠷᠤᠨ ᠪᠣᠯ ᠮᠢᠨᠤ ᠠᠮᠢᠳᠤᠷᠠᠯ ᠤᠨ ᠪᠦᠮᠪᠦᠷᠴᠡᠭ᠌

ᠢᠷᠠᠭᠤ ᠨᠠᠢ᠌ᠷᠠᠭ ᠪᠣᠯ ᠮᠢᠨᠤ ᠬᠤᠶᠠᠳᠤᠭᠠᠷ ᠠᠮᠢ ᠨᠠᠰᠤ

ᠣᠷᠠᠨ ᠵᠤᠬᠢᠶᠠᠯ ᠪᠣᠯ ᠮᠢᠨᠤ ᠭᠦᠢᠴᠡᠳᠭᠡᠭᠦ ᠴᠢᠬᠤᠯᠳᠠᠢ

ᠳᠠᠰᠬᠠᠯ ᠴᠤ ᠮᠦᠨ ᠳᠠᠩᠰᠠ ᠴᠤ ᠮᠦᠨ

ᠡᠭᠦᠨ ᠢ ᠨᠠᠳᠠᠳᠤ ᠡᠭᠡ ᠭᠡᠯᠡᠨ ᠤ ᠮᠠᠷᠭᠠᠰᠢ ᠪᠣᠶᠤ

ᠠᠷᠠᠤᠨ ᠲᠦᠮᠡᠨ ᠤ ᠮᠢᠨᠢ ᠠᠮᠢᠳᠤᠷᠠᠯ ᠢᠷᠡᠭᠡᠳᠦᠢ ᠳᠠᠭᠠᠭᠠᠯᠭᠠᠭᠰᠠᠨ

ᠬᠠᠮᠤᠭ ᠭᠦᠡᠳᠤ ᠡᠭᠦᠷᠭᠡ ᠪᠠᠢ᠌ᠭᠰᠠᠨ

ᠡᠨᠡ ᠰᠤᠷᠭᠠᠭᠤᠯᠢ ᠳᠤ ᠡᠯᠳᠡᠪ ᠤᠨ ᠣᠯᠠᠨ ᠰᠠᠯᠪᠣᠷᠢ ᠲᠡᠶ

ᠠᠯᠢ ᠳ᠋ᠤᠨᠢ ᠡᠯᠰᠡᠭ᠍ᠳᠡᠭ᠍ᠰᠡᠨ ᠴᠤ ᠰᠤᠶᠤᠯ ᠮᠡᠳᠡᠯᠭᠡ ᠭᠡᠷᠡᠭ᠍ᠳᠡᠢ

ᠡᠨᠡ ᠰᠤᠷᠭᠠᠭᠤᠯᠢ ᠳᠤ ᠪᠢ

ᠶᠡᠭᠡ ᠶᠠᠭᠤᠮ᠎ᠠ ᠴᠡᠭᠡᠵᠢᠯᠡᠭ᠍ᠰᠡᠨ

ᠳᠡᠯᠡᠭᠡᠢ ᠶ‍ᠢᠷᠳᠢᠠᠴᠤ ᠶᠢᠨ ᠵᠢᠮ᠎ᠠ ᠶᠤᠰᠤ

ᠬᠤᠶᠠᠷ ᠥᠩᠭᠡ ᠶᠢᠨ ᠠᠶᠠᠰ ᠲᠡᠶ ᠪᠠᠢ᠌ᠳᠠᠭ ᠢ ᠴᠡᠭᠡᠵᠢᠯᠡᠭ᠍ᠰᠡᠨ

ᠳᠡᠭᠡᠷ᠎ᠡ ᠨᠢ ᠠᠮᠢᠳᠤᠷᠠᠭ᠎ᠠ ᠭᠦᠮᠤᠨ ᠲᠦᠷᠦᠯᠭᠢᠳᠠᠨ ᠤ

ᠬᠤᠪᠢ ᠵᠠᠶᠠᠭ᠎ᠠ ᠰᠤᠯᠤᠭᠠᠢ ᠵᠦᠪ ᠶᠢᠡᠷ

ᠳᠤᠮᠤᠭᠠᠳᠠᠢ ᠪᠠᠢ᠌ᠳᠠᠭ ᠢ ᠴᠡᠭᠡᠵᠢᠯᠡᠭ᠍ᠰᠡᠨ

ᠰᠠᠢ᠌ᠨ ᠰᠠᠢ᠌ᠬᠠᠨ ᠠᠮᠢᠳᠤᠷᠠᠪᠠᠯ

ᠭᠦᠮᠤᠨ ᠰᠢᠭ᠌ ᠬᠤᠪᠣᠷ ᠨᠠᠠᠳᠢᠨ ᠠᠮᠢᠳᠠᠨ

ᠬᠤᠷᠸ᠎ᠠ ᠳᠤ ᠬᠤᠪᠣᠷ ᠪᠠᠢ᠌ᠬᠤ ᠶᠢ ᠴᠡᠭᠡᠵᠢᠯᠡᠭ᠍ᠰᠡᠨ

ᠮᠠᠭᠤ ᠮᠠᠭᠤᠬᠠᠢ ᠠᠭᠠᠰᠢᠯᠠᠪᠠᠯ

ᠭᠦᠮᠤᠨ ᠰᠢᠭ᠌ ᠬᠤᠤᠷ ᠨᠥᠯᠦᠭᠡ ᠲᠡᠶ ᠠᠮᠢᠳᠠᠨ

ᠳᠡᠯᠡᠭᠡᠢ ᠳᠤ ᠴᠥᠭᠡᠨ ᠪᠠᠢ᠌ᠬᠤ ᠶᠢ ᠴᠡᠭᠡᠵᠢᠯᠡᠭ᠍ᠰᠡᠨ

ᠡᠨᠡ ᠰᠤᠷᠭᠠᠭᠤᠯᠢ ᠡᠢ᠌ᠮᠤ ᠯᠠ ᠰᠤᠷᠭᠠᠭᠤᠯᠢ

ᠠᠯᠠᠭ ᠡᠷᠢᠶᠡᠨ ᠬᠤᠷᠸ᠎ᠠ

ᠭᠦᠮᠤᠨ ᠲᠦᠷᠦᠯᠭᠢᠳᠠᠨ ᠢ ᠠᠭᠤᠴᠢᠯᠠ

ᠭᠦᠮᠤᠨ ᠲᠦᠷᠦᠯᠭᠢᠳᠠᠨ ᠡᠭᠡ ᠪᠠᠢ᠌ᠭᠠᠯᠢ ᠳᠠᠭᠠᠨ ᠣᠰᠤᠯ ᠭᠦᠯᠢᠶᠡ︕

ᠵᠤᠬᠢᠶᠠᠭᠴᠢ᠄ ᠳᠤᠪᠯᠨ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3167
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ