ᠨᠡᠪᠲᠡᠷᠡᠨ ᠤᠷᠤᠬᠤ
《ᠮᠤᠩᠭ᠋ᠤᠯ ᠭᠦᠮᠤᠨ ᠣᠪᠣᠭ ᠲᠡᠶ ᠦᠦ︖》 ᠭᠡᠭ᠍ᠴᠢ ᠶᠠᠭᠤ ᠭᠡᠰᠡᠨ ᠥᠭᠡ ᠪᠣᠢ

ᠤᠪᠤᠭ ᠭᠡᠮᠡᠭ᠍ᠴᠢ ᠭᠦᠮᠦᠰ ᠤᠨ ᠤᠳᠦᠮ ᠲᠦᠷᠦᠯ ᠤᠨ ᠬᠤᠯᠪᠣᠭ᠎ᠠ ᠶᠢ ᠢᠯᠡᠳᠭᠡᠭᠦ ᠳᠡᠮᠳᠡᠭ᠌ ᠮᠦᠨ᠃ ᠥᠡᠳᠦᠰᠦᠳᠡᠨ ᠨᠢᠭᠡᠪᠦᠷᠢ ᠶᠢᠨ ᠤᠪᠤᠭ ᠤᠨ ᠪᠣᠢ ᠪᠣᠯᠤᠭᠰᠠᠨ ᠴᠠᠭ ᠬᠤᠭᠤᠴᠠᠭ᠎ᠠ ᠨᠢ ᠡᠷᠳᠡ ᠤᠷᠦᠢ ᠲᠡᠶ᠂ ᠡᠭᠦᠰᠦᠯ ᠭᠠᠷᠤᠯ ᠨᠢ ᠠᠳᠠᠯᠢ ᠪᠣᠰᠤ᠂ ᠤᠯᠡᠮᠵᠢᠯᠡᠵᠤ ᠭᠡᠷᠡᠭᠯᠡᠭᠦ ᠠᠷᠭ᠎ᠠ ᠨᠢ ᠢᠯᠭᠠᠭ᠎ᠠ ᠲᠡᠶ ᠪᠣᠯᠪᠠᠴᠤ᠂ ᠳᠡᠯᠡᠭᠡᠢ ᠶᠢᠨ ᠤᠯᠡᠡᠩᠭᠢ ᠥᠡᠳᠦᠰᠦᠳᠡᠨ ᠤ ᠠᠷᠠᠤᠨ ᠲᠦᠮᠡᠨ ᠤᠪᠤᠭ ᠲᠡᠶ ᠪᠠᠢ᠌ᠳᠠᠭ᠃ ᠮᠤᠩᠭᠤᠯᠴᠤᠳ ᠠᠯᠢ ᠡᠷᠳᠡᠨ ᠡᠴᠠ ᠡᠭᠢᠯᠠᠨ ᠤᠪᠤᠭ ᠭᠡᠷᠡᠭᠯᠡᠵᠤ ᠪᠠᠢ᠌ᠭᠰᠠᠨ ᠪᠦᠭᠡᠳ ᠥᠪᠠᠷ ᠤᠨ ᠶᠢᠡᠨ ᠤᠨᠴᠠᠯᠢᠭ ᠪᠦᠭᠦᠢ ᠤᠯᠡᠮᠵᠢᠯᠡᠵᠤ ᠭᠡᠷᠡᠭᠯᠡᠭᠦ ᠠᠷᠭ᠎ᠠ ᠭᠡᠯᠪᠠᠷᠢ ᠲᠡᠶ ᠶᠤᠮ᠃ ᠡᠭᠦᠨ ᠢ ᠳᠤᠳᠤᠷᠬᠠᠢ ᠬᠠᠷᠠᠭᠤᠯᠬᠤ ᠳᠡᠦᠭᠡ ᠶᠢᠨ ᠰᠤᠷᠪᠣᠯᠵᠢ ᠪᠢᠴᠢᠭ᠌ ᠪᠣᠯ ᠮᠦᠨ ᠴᠢᠩᠭᠢᠰ ᠤᠨ ᠠᠯᠳᠠᠨ ᠤᠷᠤᠭᠳᠡᠨ ᠤ ᠳᠡᠦᠭᠡ ᠪᠣᠯᠬᠤ 《ᠮᠤᠩᠭᠤᠯ ᠤᠨ ᠨᠢᠭᠤᠴᠠ ᠳᠤᠪᠴᠢᠶᠠᠨ》 ᠪᠣᠯᠤᠨ᠎ᠡ᠃

ᠤᠪᠤᠭ ᠤᠨ ᠳᠤᠬᠠᠢ ᠰᠤᠳᠤᠯᠤᠯ ᠨᠢ ᠠᠷᠪᠢᠨ ᠳᠠᠯ᠎ᠠ ᠶᠢᠨ ᠠᠭᠤᠯᠭ᠎ᠠ ᠶᠢ ᠪᠠᠭᠳᠠᠭᠠᠵᠤ ᠪᠠᠢ᠌ᠳᠠᠭ᠃ ᠢᠯᠠᠩᠭᠤᠶ᠎ᠠ ᠮᠤᠩᠭᠤᠯ ᠭᠦᠮᠤᠨ ᠤ ᠤᠪᠤᠭ ᠤᠨ ᠡᠭᠦᠰᠦᠯ ᠬᠤᠪᠢᠷᠠᠯ ᠤᠨ ᠶᠡᠷᠦᠩᠭᠡᠢ ᠪᠠᠢ᠌ᠳᠠᠯ ᠪᠠ ᠪᠣᠳᠠᠳᠠᠢ ᠨᠢᠭᠡᠨ ᠤᠪᠤᠭ ᠤᠨ ᠳᠤᠬᠠᠢ ᠴᠤ ᠰᠤᠳᠤᠯᠵᠤ ᠳᠤᠳᠤᠯᠠᠭᠤᠰᠢᠳᠠᠢ ᠵᠣᠢ᠌ᠯ ᠤᠯᠡᠨ ᠪᠣᠢ᠃ ᠭᠡᠪᠠᠴᠤ ᠠᠳᠠ ᠪᠢᠳᠠ ᠤᠪᠤᠭ ᠤᠨ ᠳᠤᠬᠠᠢ ᠳᠠᠷᠠ ᠪᠦᠭᠦᠢ ᠠᠰᠠᠭᠤᠳᠠᠯ ᠢ ᠬᠠᠮᠤᠷᠤᠨ ᠶᠠᠷᠢᠬᠤ ᠪᠢᠰᠢ᠂ ᠵᠥᠪᠭᠡᠨ ᠳᠡᠭᠦᠨ ᠤ ᠭᠦᠮᠤᠨ ᠤ ᠨᠠᠷ᠎ᠠ ᠳᠤ ᠬᠤᠯᠪᠣᠭᠳᠠᠬᠤ ᠠᠰᠠᠭᠤᠳᠠᠯ ᠤᠳ ᠢ ᠶᠠᠷᠢᠶ᠎ᠠ᠃

ᠮᠤᠩᠭᠤᠯ ᠥᠡᠳᠦᠰᠦᠳᠡᠨ ᠤ ᠤᠪᠤᠭ ᠶᠢᠡᠨ ᠳᠡᠮᠳᠡᠭᠯᠡᠵᠤ ᠴᠡᠭᠡᠵᠢᠯᠡᠭᠦ ᠪᠠ ᠭᠡᠷᠡᠭᠯᠡᠭᠦ ᠤᠯᠡᠮᠵᠢᠯᠡᠯᠳᠤ ᠵᠤᠷᠰᠢᠯ ᠤᠨ ᠳᠠᠯ᠎ᠠ ᠡᠴᠠ ᠥᠵᠡᠪᠠᠯ᠂ ᠤᠪᠤᠭ ᠪᠠ ᠨᠠᠷ᠎ᠠ ᠶᠢᠨ ᠬᠤᠯᠪᠣᠭᠳᠠᠯ ᠨᠢ ᠭᠤᠤᠯᠳᠠᠭᠤ ᠨᠠᠷ᠎ᠠ ᠪᠠᠨ ᠨᠤᠮ ᠪᠢᠴᠢᠭ᠌ ᠲᠤ ᠳᠡᠮᠳᠡᠭᠯᠡᠭᠦ᠂ ᠵᠢᠴᠢ ᠵᠠᠷᠢᠮ ᠪᠠᠢ᠌ᠳᠠᠯ ᠳᠤᠤᠷ᠎ᠠ ᠨᠠᠷ᠎ᠠ ᠶᠢ ᠤᠪᠤᠭ ᠶᠢᠡᠷ ᠨᠢ ᠳᠤᠳᠤᠤᠠᠬᠠᠨ ᠳᠠᠭᠤᠳᠠᠬᠤ ᠤᠴᠢᠷ ᠳᠡᠭᠡᠷ᠎ᠡ ᠯᠠ ᠢᠯᠡᠷᠡᠳᠡᠭ᠌᠃ ᠭᠡᠪᠠᠴᠤ ᠮᠤᠩᠭᠤᠯᠴᠤᠳ᠂ ᠤᠪᠤᠭ ᠶᠢᠡᠨ ᠢᠮᠠᠭᠳᠠ ᠨᠠᠷ᠎ᠠ ᠲᠡᠶ ᠪᠠᠨ ᠬᠠᠮᠳᠤᠤᠠᠬᠠᠨ ᠭᠡᠷᠡᠭᠯᠡᠵᠤ᠂ ᠵᠠᠷᠢᠮ ᠳᠠᠭᠠᠨ ᠰᠢᠭᠤᠳ ᠤᠪᠤᠭ ᠶᠢᠡᠷ ᠨᠢ ᠳᠠᠭᠤᠳᠠᠳᠠᠭ (ᠯᠤᠤ ᠵᠤᠤ᠂ ᠰᠢᠶᠤᠤ ᠸᠠᠩ ᠭᠡᠭᠦ ᠮᠠᠳᠤ) ᠵᠠᠩᠰᠢᠯ ᠲᠡᠶ ᠭᠢᠳᠠᠤᠨ ᠥᠡᠳᠦᠰᠦᠳᠡᠨ ᠲᠡᠶ ᠤᠷᠳᠤ ᠬᠤᠭᠤᠴᠠᠭ᠎ᠠ ᠪᠠᠷ ᠬᠤᠤᠠᠬᠤᠯᠳᠤᠨ ᠰᠠᠭᠤᠷᠢᠰᠢᠵᠤ᠂ ᠴᠢᠨᠠᠭᠰᠢᠳᠠ ᠡᠷᠭᠡ ᠮᠠᠳᠠᠯ ᠶᠢᠡᠨ ᠴᠤ ᠡᠵᠡᠮᠳᠡᠭᠦᠯᠵᠤ ᠪᠠᠢ᠌ᠭᠰᠠᠨ ᠳᠤᠯᠠ ᠮᠤᠩᠭᠤᠯᠴᠤᠳ ᠤᠨ ᠤᠪᠤᠭ ᠪᠠ ᠨᠠᠷ᠎ᠠ ᠶᠢᠨ ᠬᠤᠯᠪᠣᠭᠳᠠᠯ ᠳᠤ ᠪᠣᠳᠤᠯᠢᠶᠠᠠᠳᠤ ᠪᠠᠢ᠌ᠳᠠᠯ ᠪᠣᠢ ᠪᠣᠯᠵᠠᠢ᠃ ᠳᠤᠬᠠᠢ᠌ᠯᠠᠪᠠᠯ᠄

ᠨᠢᠭᠡ ᠳᠤ᠂ ᠮᠤᠩᠭᠤᠯᠴᠤᠳ ᠤᠪᠤᠭ ᠤᠨ ᠳᠤᠬᠠᠢ ᠪᠠᠯᠠᠷᠬᠠᠢ ᠪᠣᠶᠤ ᠴᠢᠨᠠᠭᠰᠢᠳᠠ ᠡ᠊ᠨᠳᠡᠭᠦᠤ ᠪᠣᠷᠤᠭᠤ ᠤᠢ᠌ᠯᠠᠭᠠᠯᠲᠠ ᠲᠡᠶ ᠪᠣᠯᠪᠠ᠃

ᠬᠤᠶᠠᠷ ᠲᠤ᠂ ᠵᠠᠷᠢᠮ ᠤᠪᠤᠭ ᠭᠡᠮᠡᠭ᠍ᠴᠢ ᠨᠢ ᠵᠢᠩᠭᠢᠨᠢ ᠤᠪᠤᠭ ᠤᠨ ᠤᠳᠬ᠎ᠠ ᠴᠢᠨᠠᠷ ᠶᠢᠡᠨ ᠠᠯᠳᠠᠵᠤ ᠤᠳᠦᠮ ᠲᠦᠷᠦᠯ ᠶᠢᠡᠨ ᠢᠯᠭᠠᠨ ᠳᠤᠳᠤᠯᠠᠬᠤ ᠶᠢᠨ ᠳᠦᠯᠦᠭᠡ ᠭᠡᠷᠡᠭᠯᠡᠭ᠍ᠰᠡᠨ ᠤᠪᠤᠭ ᠪᠢᠰᠢ᠂ ᠬᠠᠷᠢᠨ ᠪᠣᠰᠤᠳ ᠲᠡᠶ ᠠᠳᠠᠯᠢ ᠪᠣᠯᠬᠤ ᠶᠢᠨ ᠳᠤᠰᠠᠳᠠ ᠪᠣᠶᠤ ᠳᠠᠭᠤᠳᠠᠯᠭ᠎ᠠ ᠳᠤ ᠯᠠ ᠵᠤᠷᠢᠭᠤᠯᠤᠭᠰᠠᠨ 《ᠤᠪᠤᠭ》 ᠪᠣᠢ ᠪᠣᠯᠪᠠ᠃

ᠭᠤᠷᠪᠠ ᠳᠤ᠂ ᠵᠠᠷᠢᠮ ᠳᠠᠭᠠᠨ ᠤᠪᠤᠭ ᠭᠢᠭᠡᠳ ᠡᠴᠢᠭᠡ ᠶᠢᠨ ᠨᠠᠷ᠎ᠠ ᠶᠢ ᠳᠦᠳᠠᠯᠠᠨ ᠳᠡᠮᠳᠡᠭᠯᠡᠭ᠍ᠰᠡᠨ ᠳᠤᠳᠤᠤᠠᠬᠠᠯ ᠢ ᠬᠠᠷᠢᠯᠴᠠᠨ ᠬᠤᠤᠠᠬᠤᠯᠳᠠᠭᠤᠯᠬᠤ ᠥᠵᠡᠭ᠍ᠳᠡᠯ ᠭᠠᠷᠪᠠ᠃ ᠡᠳᠡᠭᠡᠷ ᠰᠢᠯᠳᠠᠭᠠᠨ ᠡᠴᠠ ᠪᠣᠯᠵᠤ ᠮᠤᠩᠭᠤᠯᠴᠤᠳ ᠤᠨ ᠤᠪᠤᠭ ᠨᠢ ᠪᠠᠰᠠ ᠨᠠᠷ᠎ᠠ ᠦᠭ‍ᠭᠦ ᠪᠠ ᠨᠠᠷᠠᠯᠠᠨ ᠳᠠᠭᠤᠳᠠᠬᠤ ᠤᠴᠢᠷ ᠲᠤ ᠬᠤᠯᠪᠣᠭᠳᠠᠬᠤ ᠪᠣᠯᠵᠠᠢ᠃ ᠥᠭᠡᠷ᠎ᠡ ᠪᠠᠷ ᠭᠡᠯᠡᠪᠠᠯ᠂ ᠤᠳᠤ ᠶᠢᠨ ᠮᠤᠩᠭᠤᠯ ᠭᠦᠮᠤᠨ ᠤ ᠤᠪᠤᠭ ᠲᠤ ᠳᠡᠭᠡᠷ᠎ᠡ ᠮᠠᠳᠤ ᠪᠠᠢ᠌ᠳᠠᠯ ᠪᠣᠢ ᠪᠣᠯᠤᠭᠰᠠᠨ ᠳᠤᠯᠠ ᠥᠷ᠎ᠡ ᠬᠣᠢ᠌ᠴᠢᠰ ᠲᠠᠭᠠᠨ ᠮᠤᠩᠭᠤᠯ ᠭᠦᠮᠤᠨ ᠤ ᠤᠪᠤᠭ ᠤᠨ ᠳᠤᠬᠠᠢ ᠵᠦᠪ ᠤᠢ᠌ᠯᠠᠭᠠᠯᠲᠠ ᠶᠢ ᠪᠣᠢ ᠪᠣᠯᠭᠠᠬᠤ ᠭᠡᠷᠡᠭ᠍ᠳᠡᠢ ᠪᠠᠢ᠌ᠨ᠎ᠡ᠃

ᠨᠢᠭᠡ᠂ ᠮᠤᠩᠭᠤᠯ ᠭᠦᠮᠤᠨ ᠤ ᠤᠪᠤᠭ ᠤᠨ ᠳᠣᠢ᠌ᠮᠤ ᠪᠠᠢ᠌ᠳᠠᠯ

ᠤᠪᠤᠭ ᠤᠨ ᠡᠭᠦᠰᠦᠯ ᠢ ᠳᠦᠭᠦᠮ ᠶᠢᠡᠷ ᠭᠡᠯᠡᠪᠠᠯ᠂ ᠡᠷᠳᠡᠨ ᠤ ᠨᠡᠢ᠌ᠭᠡᠮ ᠤᠨ ᠤᠪᠤᠭ ᠲᠦᠷᠦᠯ ᠤᠨ ᠪᠠᠢ᠌ᠭᠤᠯᠤᠮᠵᠢ ᠡᠴᠠ ᠢᠷᠠᠯᠳᠠ ᠲᠡᠶ᠃ ᠪᠠᠯᠠᠷ ᠡᠷᠳᠡᠨ ᠤ ᠨᠡᠢ᠌ᠭᠡᠮ ᠳᠤ ᠳᠡᠭᠡᠳᠦᠰ ᠨᠢᠭᠡᠳᠡᠢ ᠴᠢᠰᠤ ᠮᠢᠬᠠᠨ ᠤ ᠬᠠᠷᠢᠴᠠᠭ᠎ᠠ ᠪᠦᠭᠦᠢ ᠭᠦᠮᠦᠰ ᠬᠠᠮᠳᠤ ᠪᠠᠷ ᠠᠵᠢᠯᠯᠠᠵᠤ ᠠᠮᠢᠳᠤᠷᠠᠨ ᠨᠢᠭᠡ ᠤᠪᠤᠭᠳᠡᠨ ᠪᠣᠶᠤ ᠨᠡᠢ᠌ᠭᠡᠮ ᠤᠨ ᠨᠢᠭᠡ ᠪᠠᠢ᠌ᠭᠤᠯᠤᠮᠵᠢ ᠪᠣᠯᠳᠠᠭ᠃ ᠨᠢᠭᠡ ᠤᠪᠤᠭ ᠤᠨ ᠪᠠᠢ᠌ᠭᠤᠯᠤᠮᠵᠢ ᠶᠢᠨ ᠭᠦᠮᠤᠨ ᠨᠢ ᠤᠯᠡᠰᠢᠷᠡᠬᠤ ᠶᠢ ᠳᠠᠭᠠᠯᠳᠤᠨ ᠨᠢᠭᠡ ᠤᠪᠤᠭᠳᠡᠨ ᠡᠴᠠ ᠥᠭᠡᠷ᠎ᠡ ᠨᠢᠭᠡ ᠪᠣᠶᠤ ᠭᠡᠳᠤᠨ ᠤᠪᠤᠭᠳᠡᠨ ᠰᠠᠯᠪᠣᠷᠢᠯᠠᠨ ᠭᠠᠷᠳᠠᠭ ᠠᠵᠢ᠃ ᠡᠭᠦᠨ ᠳᠤ ᠤᠪᠤᠭ ᠤᠨ ᠨᠠᠷ᠎ᠠ ᠶᠢᠨ ᠢᠷᠠᠯᠳᠠ ᠨᠢ ᠠᠳᠠᠯᠢ ᠪᠣᠰᠤ ᠪᠠᠢ᠌ᠳᠠᠭ ᠪᠣᠯᠪᠠᠴᠤ ᠤᠪᠤᠭ ᠭᠡᠳᠡᠭ᠌ ᠤᠨ ᠤᠬᠠᠭᠳᠡᠬᠤᠨ ᠨᠢ ᠡᠷᠳᠡ ᠥᠶ᠎ᠡ ᠳᠤ ᠴᠤ ᠴᠠᠭᠠᠨ ᠶᠠᠰᠤᠨ ᠭᠡᠯᠭᠢᠶ᠎ᠡ᠂ ᠤᠯᠠᠭᠠᠨ ᠴᠢᠰᠤᠨ ᠪᠠᠷᠢᠯᠳᠤᠯᠭ᠎ᠠ ᠲᠡᠶ ᠭᠦᠮᠦᠰ ᠶᠢᠡᠷ ᠪᠦᠷᠢᠯᠳᠦᠭ᠍ᠰᠡᠨ ᠨᠡᠢ᠌ᠭᠡᠮ ᠤᠨ ᠪᠦᠯᠦᠭᠯᠡᠯ ᠪᠣᠶᠤ ᠪᠠᠢ᠌ᠭᠤᠯᠤᠮᠵᠢ ᠶᠢ ᠵᠢᠭᠠᠳᠠᠭ ᠳᠤᠯᠠ ᠠᠶᠠᠠᠳᠠᠭᠠᠨ ᠭᠦᠮᠦᠰ ᠤᠨ ᠤᠳᠦᠮ ᠲᠦᠷᠦᠯ ᠤᠨ ᠬᠤᠯᠪᠣᠭ᠎ᠠ ᠶᠢ ᠳᠤᠳᠤᠯᠠᠬᠤ ᠥᠢᠯᠡᠳᠦᠯ ᠲᠡᠶ ᠶᠤᠮ᠃ ᠡᠢ᠌ᠮᠤ ᠡᠴᠠ ᠤᠪᠤᠭ ᠤᠨ ᠨᠠᠷ᠎ᠠ ᠨᠢ ᠡᠷᠳᠡ ᠥᠶ᠎ᠡ ᠳᠡᠭᠡᠨ ᠳᠤᠬᠠᠢ ᠶᠢᠨ ᠤᠪᠤᠭ ᠤᠨ ᠪᠠᠢ᠌ᠭᠤᠯᠤᠮᠵᠢ ᠶᠢᠨ ᠨᠠᠷ᠎ᠠ ᠪᠠ ᠤᠮᠤᠭ ᠰᠦᠯᠳᠡ ᠪᠠᠢ᠌ᠭᠰᠠᠨ ᠡᠴᠠ ᠪᠠᠨ ᠤᠪᠤᠭ ᠤᠨ ᠪᠠᠢ᠌ᠭᠤᠯᠤᠮᠵᠢ ᠵᠠᠳᠠᠷᠠᠭᠰᠠᠨ ᠡᠴᠠ ᠬᠣᠢ᠌ᠰᠢ ᠭᠦᠮᠦᠰ ᠤᠨ ᠤᠳᠦᠮ ᠲᠦᠷᠦᠯ ᠤᠨ ᠬᠤᠯᠪᠣᠭ᠎ᠠ ᠶᠢ ᠢᠯᠡᠳᠭᠡᠭᠦ ᠳᠡᠮᠳᠡᠭ᠌ ᠪᠣᠯᠵᠠᠢ᠃

ᠮᠤᠩᠭᠤᠯ ᠥᠡᠳᠦᠰᠦᠳᠡᠨ ᠤ ᠤᠪᠤᠭ ᠤᠨ ᠳᠤᠬᠠᠢ ᠰᠤᠳᠤᠯᠤᠯ ᠤᠨ ᠪᠠᠢ᠌ᠳᠠᠯ ᠡᠴᠠ ᠥᠵᠡᠪᠠᠯ᠂ ᠳᠡᠦᠭᠡ ᠶᠢᠨ ᠪᠢᠴᠢᠭ᠌ ᠮᠠᠲ᠋ᠸᠷᠢᠶᠠᠯ ᠤᠨ ᠭᠢᠵᠠᠭᠠᠷᠯᠠᠯ ᠡᠴᠠ ᠪᠣᠯᠵᠤ᠂ ᠡᠷᠳᠡᠨ ᠤ ᠮᠤᠩᠭᠤᠯᠴᠤᠳ ᠤᠨ ᠤᠪᠤᠭ ᠤᠨ ᠪᠠᠢ᠌ᠭᠤᠯᠤᠮᠵᠢ ᠪᠣᠶᠤ ᠤᠪᠤᠭ ᠤᠨ ᠨᠠᠷ᠎ᠠ ᠶᠢ ᠢᠯᠡᠷᠡᠭᠦᠯᠦᠭ᠍ᠰᠡᠨ ᠵᠣᠢ᠌ᠯ ᠨᠢ ᠭᠤᠤᠯᠳᠠᠭᠤ 《ᠮᠤᠩᠭᠤᠯ ᠤᠨ ᠨᠢᠭᠤᠴᠠ ᠳᠤᠪᠴᠢᠶᠠᠨ》 ᠳᠤ ᠳᠡᠮᠳᠡᠭᠯᠡᠭ᠍ᠰᠡᠨ ᠨᠠᠷᠠᠰ ᠪᠠᠢ᠌ᠳᠠᠭ᠃ ᠡᠳᠡᠭᠡᠷ ᠨᠠᠷᠠᠰ ᠤᠨ ᠢᠷᠠᠯᠳᠠ ᠨᠢ᠂ ᠡᠰᠡᠭᠦᠯ᠎ᠡ ᠤᠪᠤᠭᠯᠠᠭᠰᠡᠨ ᠠᠷᠭ᠎ᠠ ᠭᠡᠯᠪᠠᠷᠢ ᠨᠢ ᠳᠤᠤᠷᠠᠭᠢ ᠮᠠᠳᠤ ᠭᠡᠳᠤᠨ ᠵᠣᠢ᠌ᠯ ᠤᠨ ᠪᠠᠢ᠌ᠳᠠᠯ ᠲᠡᠶ᠃

1. ᠤᠪᠤᠭ ᠤᠨ ᠠᠬᠠᠯᠠᠭᠴᠢ ᠪᠣᠶᠤ ᠳᠡᠭᠡᠳᠦᠰ ᠤᠨ ᠠᠯᠳᠠᠷ ᠴᠤᠯᠠ ᠪᠠᠷ ᠤᠪᠤᠭᠯᠠᠬᠤ᠄ ᠡᠷᠳᠡᠨ ᠤ ᠤᠪᠤᠭ ᠤᠨ ᠪᠠᠢ᠌ᠭᠤᠯᠤᠮᠵᠢ ᠶᠢᠨ ᠨᠠᠷ᠎ᠠ ᠳᠤ ᠢᠩᠭᠢᠵᠤ ᠢᠷᠡᠭ᠍ᠰᠡᠨ ᠨᠠᠷᠠᠰ ᠪᠠᠢ᠌ᠳᠠᠭ᠃ ᠤᠴᠢᠷ ᠨᠢ ᠡᠷᠡᠯᠭᠡᠭ᠌ ᠪᠠᠭᠠᠳᠤᠷ᠂ ᠮᠡᠷᠭᠡᠨ ᠬᠠᠷᠪᠣᠭᠠᠴᠢ ᠵᠡᠷᠭᠡ ᠴᠤᠯᠭᠤᠷᠠᠭᠰᠠᠨ ᠴᠢᠳᠠᠯ ᠲᠡᠶ ᠭᠦᠮᠤᠨ ᠨᠢ ᠤᠪᠤᠭ ᠤᠨ ᠠᠬᠠᠯᠠᠭᠴᠢ ᠪᠣᠯᠳᠠᠭ᠃ ᠡᠢ᠌ᠮᠤ ᠭᠦᠮᠦᠰ ᠤᠨ ᠤᠯᠡᠡᠩᠭᠢ ᠨᠢ ᠪᠣᠰᠤᠳ ᠲᠤ ᠪᠢᠰᠢᠷᠡᠭ᠍ᠳᠡᠭ᠍ᠰᠡᠨ ᠠᠯᠳᠠᠷ ᠴᠤᠯᠠ ᠲᠡᠶ ᠪᠠᠢ᠌ᠵᠤ᠂ ᠬᠣᠢ᠌ᠴᠢᠰ ᠨᠢ ᠳᠠᠳᠠᠨ ᠤ ᠠᠯᠳᠠᠷ ᠴᠤᠯᠠ ᠶᠢ ᠭᠠᠢ᠌ᠬᠠᠭᠤᠯᠤᠨ᠂ ᠪᠢᠳᠠ ᠪᠣᠯ ᠳᠠᠢ᠌ᠮᠤ ᠭᠦᠮᠤᠨ ᠤ ᠬᠠᠮᠰᠠᠭᠠᠳᠠᠨ᠂ ᠳᠠᠳᠠ ᠰᠢᠭ᠌ ᠪᠠᠭᠠᠳᠤᠷ ᠮᠡᠷᠭᠡᠨ ᠭᠦᠮᠦᠰ ᠭᠡᠵᠤ᠂ ᠥᠪᠠᠷ ᠤᠨ ᠡᠷᠭᠡ ᠰᠦᠷ ᠶᠢᠡᠨ ᠮᠠᠠᠳᠤᠭᠤᠯᠵᠤ ᠶᠠᠪᠣᠳᠠᠭ ᠳᠤᠯᠠ ᠳᠠᠳᠠᠨ ᠤ ᠠᠯᠳᠠᠷ ᠴᠤᠯᠠ ᠨᠢ ᠠᠶᠠᠠᠳᠠᠭᠠᠨ ᠤᠪᠤᠭ ᠤᠨ ᠨᠠᠷ᠎ᠠ ᠪᠠ ᠤᠮᠤᠭ ᠰᠦᠯᠳᠡ ᠨᠢ ᠪᠣᠯᠳᠠᠭ᠃ ᠵᠢᠱᠢᠶᠠᠯᠠᠪᠠᠯ᠄ 《ᠭᠢᠶᠠᠨ》 ᠭᠡᠭᠦ ᠤᠪᠤᠭ ᠤᠨ ᠨᠠᠷ᠎ᠠ ᠪᠣᠯ ᠡᠢ᠌ᠮᠤ ᠢᠷᠠᠯᠳᠠ ᠲᠡᠶ ᠭᠡᠵᠤ ᠨᠤᠮ ᠵᠤᠬᠢᠶᠠᠯ ᠳᠤ ᠪᠢᠴᠢᠵᠤ ᠪᠠᠢ᠌ᠳᠠᠭ᠃ ᠳᠠᠷᠤᠢ 《ᠭᠢᠶᠠᠨ》 ᠭᠡᠭᠦ ᠥᠭᠡ ᠨᠢ ᠥᠡᠳᠦᠷ ᠬᠠᠳᠠᠨ ᠡᠴᠠ ᠪᠠᠭᠤᠭᠰᠠᠨ ᠳᠤᠮᠤ ᠤᠷᠦᠰᠬᠠᠯ ᠭᠡᠰᠡᠨ ᠤᠳᠬ᠎ᠠ ᠲᠡᠶ ᠳᠤᠯᠠ ᠡᠢ᠌ᠮᠦᠷᠭᠦ ᠪᠣᠴᠠᠰᠢ ᠥᠭᠡᠢ ᠵᠤᠷᠢᠭ ᠰᠠᠨᠠᠭ᠎ᠠ ᠪᠠᠷ ᠤᠪᠤᠭ ᠤᠨ ᠨᠠᠷ᠎ᠠ ᠪᠣᠶᠤ ᠤᠮᠤᠭ ᠰᠦᠯᠳᠡ ᠪᠠᠨ ᠪᠣᠯᠭᠠᠵᠠᠢ᠃

2. ᠳᠡᠭᠡᠳᠦᠰ ᠤᠨ ᠨᠠᠷ᠎ᠠ ᠪᠠᠷ ᠤᠪᠤᠭᠯᠠᠬᠤ᠄ ᠳᠠᠷᠤᠢ ᠤᠪᠤᠭ ᠤᠨ ᠠᠬᠠᠯᠠᠭᠴᠢ ᠪᠣᠶᠤ ᠳᠡᠭᠡᠳᠦᠰ ᠨᠢ ᠪᠣᠯᠬᠤ ᠭᠦᠮᠤᠨ ᠤ ᠨᠠᠷ᠎ᠠ ᠡᠴᠠ ᠤᠪᠤᠭ ᠤᠨ ᠨᠠᠷ᠎ᠠ ᠡᠭᠦᠰᠳᠡᠭ᠌᠃ ᠮᠤᠩᠭᠤᠯᠴᠤᠳ ᠤᠨ ᠤᠪᠤᠭ ᠤᠨ ᠤᠯᠡᠡᠩᠭᠢ ᠨᠢ ᠡᠢ᠌ᠮᠤ ᠢᠷᠠᠯᠳᠠ ᠲᠡᠶ ᠪᠠᠢ᠌ᠳᠠᠭ᠃ ᠡᠭᠦᠨ ᠳᠤ᠂ ᠰᠢᠭᠤᠳ ᠨᠠᠷ᠎ᠠ ᠪᠠᠷ ᠨᠢ ᠤᠪᠤᠭᠯᠠᠬᠤ ᠪᠠ ᠨᠠᠷ᠎ᠠ ᠶᠢ ᠬᠤᠪᠢᠯᠭᠠᠨ ᠤᠪᠤᠭᠯᠠᠬᠤ ᠬᠤᠶᠠᠷ ᠵᠣᠢ᠌ᠯ ᠪᠠᠢ᠌ᠳᠠᠭ᠃

ᠰᠢᠭᠤᠳ ᠨᠠᠷ᠎ᠠ ᠪᠠᠷ ᠨᠢ ᠤᠪᠤᠭᠯᠠᠭᠰᠠᠨ ᠵᠢᠱᠢᠶ᠎ᠠ ᠭᠡᠪᠠᠯ᠄ ᠴᠠᠤᠵᠢᠨ ᠥᠷᠳᠡᠭᠡᠢ ᠶᠢᠨ ᠤᠷᠦᠨᠡᠷ᠂ ᠬᠤᠩᠬᠤᠳᠠᠨ᠂ ᠠᠷᠤᠯᠠᠤᠨ᠂ ᠰᠦᠨᠢᠳ᠂ ᠬᠠᠪᠳᠤᠷᠬᠠᠰ᠂ ᠭᠡᠨᠢᠭᠡᠰ ᠭᠡᠭᠦ ᠨᠠᠷ᠎ᠠ ᠲᠡᠶ ᠵᠢᠷᠭᠤᠭᠠᠨ ᠬᠡᠦᠬᠡᠳ ᠤᠨ ᠬᠣᠢ᠌ᠴᠢᠰ ᠨᠢ ᠳᠤᠰᠪᠣᠷᠢ ᠡᠢ᠌ᠮᠤ ᠵᠢᠷᠭᠤᠭᠠᠨ ᠤᠪᠤᠭᠳᠡᠨ ᠪᠣᠯᠵᠠᠢ᠃

ᠨᠠᠷ᠎ᠠ ᠶᠢ ᠬᠤᠪᠢᠯᠭᠠᠨ ᠤᠪᠤᠭᠯᠠᠬᠤ ᠳᠤ᠂ ᠨᠠᠷ᠎ᠠ ᠨᠢ ᠤᠯᠡᠨ ᠶᠠᠩᠵᠤ ᠪᠠᠷ ᠬᠤᠪᠢᠯᠵᠤ ᠪᠠᠢ᠌ᠳᠠᠭ ᠪᠣᠯᠪᠠᠴᠤ ᠤᠯᠡᠨ ᠳᠤᠭᠠᠨ ᠤ ᠭᠡᠯᠪᠠᠷᠢ ᠪᠠᠷ ᠭᠡᠷᠡᠭᠯᠡᠭ᠍ᠰᠡᠨ ᠨᠢ ᠠᠷᠪᠢᠨ ᠪᠠᠢ᠌ᠳᠠᠭ᠃ ᠡᠭᠦᠨ ᠳᠤ ᠨᠠᠯᠢᠶᠠᠤᠨ ᠳᠤᠳᠤᠷᠬᠠᠢ ᠬᠠᠷᠠᠭᠳᠠᠵᠤ ᠪᠠᠢ᠌ᠭ᠎ᠠ ᠭᠡᠳᠤᠨ ᠵᠣᠢ᠌ᠯ ᠨᠢ ᠭᠡᠪᠠᠯ᠄

(1) ᠨᠠᠷ᠎ᠠ ᠶᠢᠨ ᠳᠤᠤᠷ᠎ᠠ 《᠊ᠰ᠂ ᠨᠤᠭᠤᠳ》 ᠳᠠᠭᠠᠪᠣᠷᠢ ᠶᠢ ᠵᠠᠯᠭᠠᠵᠤ ᠤᠪᠤᠭᠯᠠᠬᠤ᠃ ᠵᠢᠱᠢᠶ᠎ᠠ ᠨᠢ᠄ ᠰᠠᠯᠵᠢ ᠊᠊᠊᠊᠊᠊᠊᠊᠊᠊᠊᠊᠊᠊᠊ ᠰᠠᠯᠵᠢᠭᠤᠳ᠂ ᠪᠠᠷᠤᠯᠠ ᠊᠊᠊᠊᠊᠊᠊᠊᠊᠊᠊᠊᠊᠊᠊ ᠪᠠᠷᠤᠯᠠᠰ᠂ ᠭᠡᠡᠳᠤ ᠴᠢᠨ᠋ᠸ᠎ᠠ ᠊᠊᠊᠊᠊᠊᠊᠊᠊᠊᠊᠊᠊᠊᠊ ᠴᠢᠨᠤᠰ᠃

(2) ᠨᠠᠷ᠎ᠠ ᠶᠢᠨ ᠡᠴᠤᠰ ᠳᠠᠭᠢ 《ᠳ᠋ᠠᠢ》 ᠳᠠᠭᠠᠪᠣᠷᠢ ᠶᠢ ᠬᠤᠪᠢᠯᠭᠠᠵᠤ ᠤᠯᠡᠨ ᠳᠤᠭᠠᠨ ᠤ ᠭᠡᠯᠪᠠᠷᠢ ᠪᠣᠯᠭᠠᠨ ᠤᠪᠤᠭᠯᠠᠬᠤ᠃ ᠵᠢᠱᠢᠶ᠎ᠠ ᠨᠢ᠄ ᠪᠦᠭᠦᠨᠦᠳᠡᠢ ᠊᠊᠊᠊᠊᠊᠊᠊᠊᠊᠊᠊᠊᠊᠊ ᠪᠦᠭᠦᠨᠦᠳ᠂ ᠪᠢᠯᠭᠦᠨᠦᠳᠡᠢ ᠊᠊᠊᠊᠊᠊᠊᠊᠊᠊᠊᠊᠊᠊᠊ ᠪᠢᠯᠭᠦᠨᠦᠳ᠂ ᠤᠷᠤᠭᠦᠳᠡᠢ ᠊᠊᠊᠊᠊᠊᠊᠊᠊᠊᠊᠊᠊᠊᠊ ᠤᠷᠤᠭᠦᠳ᠂ ᠮᠠᠩᠭᠤᠳᠠᠢ ᠊᠊᠊᠊᠊᠊᠊᠊᠊᠊᠊᠊᠊᠊᠊ ᠮᠠᠩᠭᠤᠳ᠂ ᠪᠠᠰᠤᠳᠠᠢ ᠊᠊᠊᠊᠊᠊᠊᠊᠊᠊᠊᠊᠊᠊᠊ ᠪᠠᠰᠤᠳ᠃

(3) ᠨᠠᠷ᠎ᠠ ᠶᠢᠨ ᠡᠴᠤᠰ ᠳᠠᠭᠢ 《ᠳ᠋ᠠᠢ》 ᠳᠠᠭᠠᠪᠣᠷᠢ ᠶᠢ ᠭᠡᠭᠡᠵᠤ ᠤᠪᠤᠭᠯᠠᠬᠤ᠃ ᠵᠢᠱᠢᠶ᠎ᠠ ᠨᠢ᠄ ᠬᠤᠷᠢᠯᠠᠷᠳᠠᠢ ᠊᠊᠊᠊᠊᠊᠊᠊᠊᠊᠊᠊᠊᠊᠊ ᠬᠤᠷᠢᠯᠠᠷ

(4) ᠨᠠᠷ᠎ᠠ ᠶᠢᠨ ᠡᠴᠤᠰ ᠳᠠᠭᠢ 《ᠳ᠋ᠠᠢ》 ᠳᠠᠭᠠᠪᠣᠷᠢ ᠶᠢ 《ᠨ》 ᠪᠣᠯᠭᠠᠨ ᠬᠤᠪᠢᠷᠠᠭᠠᠵᠤ ᠤᠪᠤᠭᠯᠠᠬᠤ᠃ ᠵᠢᠱᠢᠶ᠎ᠠ ᠨᠢ᠄ ᠠᠳᠠᠷᠭᠢᠳᠠᠢ ᠊᠊᠊᠊᠊᠊᠊᠊᠊᠊᠊᠊᠊᠊᠊ ᠠᠳᠠᠷᠭᠢᠨ᠂ ᠪᠣᠷᠵᠢᠭᠢᠳᠠᠢ ᠊᠊᠊᠊᠊᠊᠊᠊᠊᠊᠊᠊᠊᠊᠊ ᠪᠣᠷᠵᠢᠭᠢᠨ᠂ ᠪᠠᠭᠠᠷᠢᠳᠠᠢ ᠊᠊᠊᠊᠊᠊᠊᠊᠊᠊᠊᠊᠊᠊᠊ ᠪᠠᠭᠠᠷᠢᠨ᠃

(5) ᠨᠠᠷ᠎ᠠ ᠶᠢᠨ ᠳᠤᠤᠷ᠎ᠠ 《ᠨ》 ᠪᠣᠶᠤ 《ᠳ᠋ᠠᠢ》 ᠳᠠᠭᠠᠪᠣᠷᠢ ᠶᠢ ᠨᠠᠮᠠᠵᠤ ᠤᠪᠤᠭᠯᠠᠬᠤ᠃ ᠵᠢᠱᠢᠶ᠎ᠠ ᠨᠢ᠄ ᠬᠠᠳᠠᠭᠢ ᠊᠊᠊᠊᠊᠊᠊᠊᠊᠊᠊᠊᠊᠊᠊ ᠬᠠᠳᠠᠭᠢᠨ᠂ ᠵᠦᠷᠭᠢ ᠊᠊᠊᠊᠊᠊᠊᠊᠊᠊᠊᠊᠊᠊᠊ ᠵᠦᠷᠭᠢᠨ᠂ ᠥᠳᠡᠭᠡ ᠊᠊᠊᠊᠊᠊᠊᠊᠊᠊᠊᠊᠊᠊᠊ ᠥᠳᠡᠭᠡᠳᠡᠢ ᠭᠡᠭᠦ ᠮᠠᠳᠤ᠃

3. ᠳᠡᠭᠡᠳᠦᠰ ᠤᠨ ᠶᠢᠡᠨ ᠶᠠᠮᠠᠷ ᠨᠢᠭᠡᠨ ᠤᠨᠴᠠᠯᠢᠭ ᠪᠠᠢ᠌ᠳᠠᠯ ᠢ ᠢᠯᠡᠳᠭᠡᠭ᠍ᠰᠡᠨ ᠥᠭᠡ ᠪᠠᠷ ᠤᠪᠤᠭᠯᠠᠬᠤ᠄ ᠵᠢᠱᠢᠶ᠎ᠠ ᠨᠢ᠄ ᠪᠠᠭᠠᠷᠢᠳᠠᠢ ᠶᠢᠨ ᠭᠦᠪᠠᠭᠦᠨ ᠴᠢᠳᠤᠬᠤᠯ ᠪᠦᠭᠡ ᠤᠯᠡᠨ ᠡᠭᠡᠨᠡᠷ ᠠᠪᠴᠤ ᠮᠠᠨᠠᠨ ᠮᠠᠳᠤ ᠤᠯᠡᠨ ᠬᠡᠦᠬᠡᠳ ᠲᠡᠶ ᠪᠣᠯᠤᠭᠰᠠᠨ ᠳᠤᠯᠠ ᠳᠡᠭᠦᠨ ᠤ ᠬᠣᠢ᠌ᠴᠢᠰ ᠨᠢ ᠮᠠᠨᠠᠨ ᠪᠠᠭᠠᠷᠢᠨ ᠤᠪᠤᠭᠳᠡᠨ ᠪᠣᠯᠵᠠᠢ᠃ ᠬᠠᠷᠠᠯᠳᠠᠢ ᠶᠢᠨ ᠭᠦᠪᠠᠭᠦᠤᠨ ᠪᠣᠳᠠᠭ᠎ᠠ ᠮᠠᠳᠤ ᠤᠯᠡᠨ ᠳᠤᠯᠠ ᠳᠠᠳᠠᠨ ᠤ ᠬᠣᠢ᠌ᠴᠢᠰ ᠪᠣᠳᠠᠭᠠᠨ ᠤᠪᠤᠭᠳᠡᠨ ᠪᠣᠯᠪᠠ᠃ ᠳᠤᠧᠨ ᠰᠤᠬᠤᠷ ᠢ ᠨᠠᠰᠤ ᠪᠠᠷᠠᠭᠰᠠᠨ ᠤ ᠬᠣᠢ᠌ᠨ᠎ᠡ ᠳᠦᠷᠪᠡᠨ ᠬᠡᠦᠬᠡᠳ ᠨᠢ ᠳᠤᠪᠣ ᠮᠡᠷᠭᠡᠨ ᠢ ᠠᠪᠠᠭ᠎ᠠ ᠭᠡᠵᠤ ᠥᠵᠡᠭᠦ ᠥᠭᠡᠢ ᠨᠡᠭᠦᠨ ᠶᠠᠪᠣᠵᠤ᠂ ᠳᠦᠷᠪᠡᠨ ᠤᠪᠤᠭᠳᠡᠨ ᠪᠣᠯᠵᠠᠢ᠃

4 ᠠᠵᠢᠯ ᠥᠢᠯᠡᠰ ᠤᠨ ᠨᠠᠷ᠎ᠠ ᠪᠣᠶᠤ ᠵᠡᠷᠭᠡ ᠳᠤᠰᠢᠶᠠᠯ ᠤᠨ ᠨᠠᠷ᠎ᠠ ᠨᠢ ᠶᠠᠪᠣᠭᠠᠨ ᠳᠠᠭᠠᠨ ᠤᠪᠤᠭ ᠪᠣᠯᠤᠭᠰᠠᠨ ᠤᠴᠢᠷ ᠪᠠᠢ᠌ᠳᠠᠭ᠃ ᠵᠢᠱᠢᠶ᠎ᠠ ᠨᠢ᠄ ᠬᠤᠷᠴᠢᠨ᠂ ᠭᠡᠰᠢᠭ᠍ᠳᠡᠨ᠂ ᠠᠳᠤᠭᠤᠴᠢᠨ᠂ ᠬᠤᠨᠢᠴᠢᠨ᠂ ᠮᠢᠩᠭᠠᠨ ᠭᠡᠭᠦ ᠶᠢ ᠤᠪᠤᠭ ᠪᠣᠯᠭᠠᠨ ᠭᠡᠷᠡᠭᠯᠡᠵᠤ ᠪᠠᠢ᠌ᠨ᠎ᠡ᠃

ᠡᠭᠦᠨ ᠡᠴᠠ ᠭᠠᠳᠠᠨ᠎ᠡ 《ᠠᠢ᠌ᠮᠠᠭ ᠤᠨ ᠨᠠᠷ᠎ᠠ ᠤᠪᠤᠭ ᠪᠣᠯᠵᠤ ᠬᠤᠪᠢᠷᠠᠵᠠᠢ》 ᠭᠡᠭᠦ ᠭᠡᠯᠡᠯᠭᠡ ᠪᠠᠢ᠌ᠳᠠᠭ᠃ ᠡᠨᠠ ᠨᠢ ᠥᠨᠡᠨᠳᠡᠭᠡᠨ ᠡᠷᠳᠡᠨ ᠤ ᠵᠠᠷᠢᠮ ᠤᠪᠤᠭ ᠤᠨ ᠨᠠᠷ᠎ᠠ ᠨᠢ ᠤᠪᠤᠭ ᠤᠨ ᠪᠠᠢ᠌ᠭᠤᠯᠤᠮᠵᠢ ᠳᠤ ᠬᠤᠪᠢᠷᠠᠯᠳᠠ ᠭᠠᠷᠤᠭᠰᠠᠨ ᠪᠣᠶᠤ ᠥᠷᠭᠡᠵᠢᠭ᠍ᠰᠡᠨ ᠡᠴᠠ ᠠᠢ᠌ᠮᠠᠭ ᠪᠦᠯᠦᠭ᠌ ᠤᠨ ᠨᠠᠷ᠎ᠠ ᠪᠣᠯᠵᠤ ᠭᠡᠷᠡᠭᠯᠡᠭ᠍ᠳᠡᠭ᠍ᠰᠡᠨ ᠳᠤᠯᠠ ᠵᠠᠷᠢᠮ ᠠᠢ᠌ᠮᠠᠭ ᠤᠨ ᠨᠠᠷ᠎ᠠ ᠨᠢ ᠤᠪᠤᠭ ᠤᠨ ᠨᠠᠷ᠎ᠠ ᠴᠤ ᠮᠦᠨ ᠪᠠᠢ᠌ᠳᠠᠭ ᠢ ᠭᠡᠯᠡᠵᠤ ᠪᠠᠢ᠌ᠭ᠎ᠠ ᠶᠤᠮ᠃ ᠵᠢᠱᠢᠶ᠎ᠠ ᠨᠢ᠄ ᠭᠡᠷᠡᠢ᠌ᠤᠨ᠂ ᠤᠯᠭᠦᠨᠦᠳ᠂ ᠥᠢᠷᠡᠳ᠂ ᠠᠳᠠᠷᠭᠢᠨ᠂ ᠪᠠᠶᠠᠭᠤᠳ᠂ ᠳᠠᠢ᠌ᠴᠢᠭᠤᠳ᠂ ᠳᠦᠷᠪᠡᠨ᠂ ᠴᠢᠨᠤᠰ ᠭᠡᠭᠦ ᠵᠡᠷᠭᠡ ᠨᠢ ᠠᠢ᠌ᠮᠠᠭ ᠤᠨ ᠨᠠᠷ᠎ᠠ ᠮᠦᠨ ᠪᠦᠭᠡᠳ ᠤᠪᠤᠭ ᠤᠨ ᠨᠠᠷ᠎ᠠ ᠴᠤ ᠮᠦᠨ ᠪᠢᠯᠠ᠃ ᠡᠳᠡᠭᠡᠷ ᠤᠨ ᠵᠠᠷᠢᠮ ᠨᠢ ᠰᠤᠷᠪᠣᠯᠵᠢ ᠪᠢᠴᠢᠭ᠌ ᠲᠤ ᠠᠢ᠌ᠮᠠᠭ ᠤᠨ ᠨᠠᠷ᠎ᠠ ᠪᠠᠷ ᠢᠯᠡᠷᠡᠭ᠍ᠰᠡᠨ ᠳᠤᠯᠠ ᠤᠭ ᠳᠠᠭᠠᠨ ᠴᠤ ᠤᠪᠤᠭ ᠤᠨ ᠨᠠᠷ᠎ᠠ ᠪᠣᠯᠬᠤ ᠶᠢᠨ ᠢᠷᠠᠯᠳᠠ ᠶᠢ ᠨᠢ ᠳᠤᠳᠤᠷᠬᠠᠢ᠌ᠯᠠᠵᠤ ᠳᠡᠢ᠌ᠯᠦᠭᠡ ᠥᠭᠡᠢ ᠳᠠᠳᠤᠢ ᠯᠠ ᠤᠴᠢᠷ ᠪᠢᠯᠠ᠃

ᠡᠳᠡᠭᠡᠷ ᠪᠠᠢ᠌ᠳᠠᠯ ᠡᠴᠠ ᠪᠢᠳᠠ ᠮᠤᠩᠭᠤᠯ ᠭᠦᠮᠤᠨ ᠤ ᠤᠪᠤᠭ ᠤᠨ ᠢᠷᠠᠯᠳᠠ᠂ ᠤᠪᠤᠭᠯᠠᠬᠤ ᠶᠤᠰᠤ ᠭᠢᠭᠡᠳ ᠳᠡᠭᠦᠨ ᠤ ᠤᠳᠬ᠎ᠠ ᠴᠢᠨᠠᠷ ᠨᠢ ᠶᠠᠭᠤ ᠪᠣᠯᠬᠤ ᠶᠢ ᠣᠬᠠᠵᠤ ᠪᠣᠯᠤᠨ᠎ᠡ᠃ ᠮᠤᠩᠭᠤᠯ ᠭᠦᠮᠤᠨ ᠤ ᠤᠪᠤᠭ ᠤᠨ ᠨᠠᠷ᠎ᠠ ᠨᠢ ᠴᠦᠮ ᠳᠡᠭᠡᠳᠦᠰ ᠤᠨ ᠭᠢᠨᠢ ᠨᠠᠷ᠎ᠠ ᠲᠡᠶ ᠰᠢᠭᠤᠳ ᠪᠣᠶᠤ ᠶᠠᠮᠠᠷ ᠨᠢᠭᠡᠨ ᠭᠡᠯᠪᠠᠷᠢ ᠪᠠᠷ ᠬᠤᠯᠪᠣᠭᠳᠠᠵᠤ ᠪᠠᠢ᠌ᠳᠠᠭ᠃ ᠡᠨᠠ ᠨᠢ ᠮᠤᠩᠭᠤᠯ ᠭᠦᠮᠤᠨ ᠤ ᠤᠪᠤᠭ ᠤᠨ ᠴᠤᠬᠤᠮ ᠭᠦ ᠤᠳᠬ᠎ᠠ ᠴᠢᠨᠠᠷ ᠨᠢ ᠠᠯᠢ ᠬᠠᠷᠢᠶᠠᠨ ᠤ ᠪᠣᠶᠤ ᠶᠠᠮᠠᠷ ᠤᠳᠦᠮ ᠲᠦᠷᠦᠯ ᠲᠡᠶ ᠭᠦᠮᠤᠨ ᠪᠣᠯᠬᠤ ᠶᠢ ᠯᠠ ᠢᠯᠡᠳᠭᠡᠭᠦ ᠵᠤᠷᠢᠯᠭ᠎ᠠ ᠲᠡᠶ ᠪᠠᠢ᠌ᠭᠰᠠᠨ ᠭᠡᠳᠡᠭ᠌ ᠢ ᠬᠠᠷᠠᠭᠤᠯᠵᠤ ᠪᠣᠢ᠃

ᠬᠤᠶᠠᠷ᠂ ᠮᠤᠩᠭ᠋ᠤᠯ ᠭᠦᠮᠤᠨ ᠤ ᠤᠪᠤᠭ ᠶᠢᠡᠨ ᠤᠯᠡᠮᠵᠢᠯᠡᠵᠤ ᠭᠡᠷᠡᠭᠯᠡᠭᠦ ᠵᠠᠩᠰᠢᠯ

ᠳᠡᠭᠡᠷᠡᠭᠢ ᠪᠠᠢ᠌ᠳᠠᠯ ᠡᠴᠠ ᠪᠣᠯᠵᠤ ᠮᠤᠩᠭᠤᠯᠴᠤᠳ ᠤᠨ ᠤᠪᠤᠭ ᠶᠢᠡᠨ ᠤᠯᠡᠮᠵᠢᠯᠡᠵᠤ ᠭᠡᠷᠡᠭᠯᠡᠭᠦ ᠵᠠᠩᠰᠢᠯ ᠨᠢ ᠴᠤ ᠥᠪᠠᠷ ᠤᠨ ᠶᠢᠡᠨ ᠤᠨᠴᠠᠯᠢᠭ ᠲᠡᠶ ᠪᠠᠢ᠌ᠳᠠᠭ᠃ ᠳᠠᠷᠤᠢ ᠭᠡᠷ ᠤᠨ ᠳᠡᠦᠭᠡ ᠴᠠᠳᠢᠭ ᠲᠤ ᠪᠢᠴᠢᠵᠤ ᠳᠡᠮᠳᠡᠭᠯᠡᠭᠦ ᠪᠠ ᠭᠡᠷ ᠤᠨ ᠰᠤᠷᠭᠠᠯ ᠶᠢᠡᠷ ᠳᠠᠮᠵᠢᠭᠤᠯᠤᠨ ᠴᠡᠭᠡᠵᠢᠯᠡᠭᠦ ᠠᠷᠭ᠎ᠠ ᠪᠠᠷ ᠬᠣᠢ᠌ᠴᠢ ᠥᠶ᠎ᠡ ᠳᠡᠭᠡᠨ ᠤᠯᠡᠮᠵᠢᠯᠡᠳᠠᠭ᠃ ᠬᠠᠷᠢᠨ ᠭᠢᠳᠠᠤᠨ ᠥᠡᠳᠦᠰᠦᠳᠡᠨ ᠰᠢᠭ᠌ ᠤᠪᠤᠭ ᠶᠢᠡᠨ ᠢᠮᠠᠭᠳᠠ ᠨᠠᠷ᠎ᠠ ᠲᠡᠶ ᠪᠠᠨ ᠬᠠᠮᠳᠤᠷᠠᠭᠤᠯᠤᠨ ᠪᠢᠴᠢᠵᠤ ᠳᠠᠭᠤᠳᠠᠬᠤ ᠠᠷᠭ᠎ᠠ ᠪᠠᠷ ᠤᠯᠡᠮᠵᠢᠯᠡᠬᠤ ᠵᠠᠩᠰᠢᠯ ᠥᠭᠡᠢ ᠶᠤᠮ᠃ ᠮᠤᠩᠭᠤᠯᠴᠤᠳ ᠤᠪᠤᠭ ᠶᠢᠡᠨ ᠭᠡᠷᠭᠢᠨ ᠤᠯᠡᠮᠵᠢᠯᠡᠵᠤ ᠴᠡᠭᠡᠵᠢᠯᠡᠵᠤ ᠪᠠᠢ᠌ᠭᠰᠠᠨ ᠳᠤᠬᠠᠢ ᠮᠤᠩᠭᠤᠯ ᠭᠦᠮᠤᠨ ᠤ ᠨᠠᠷ᠎ᠠ ᠤᠪᠤᠭ᠂ ᠵᠠᠩ ᠥᠢᠯᠡ ᠶᠢ ᠰᠤᠳᠤᠯᠤᠭᠰᠠᠨ ᠨᠤᠮ ᠵᠤᠬᠢᠶᠠᠯ ᠳᠤ ᠠᠷᠪᠢᠨ ᠡᠰᠢ ᠳᠠᠳᠠᠭᠳᠠᠳᠠᠭ᠂ ᠷᠠᠰᠢᠳ᠋ ᠊᠊᠊᠊᠊᠊᠊᠊᠊᠊᠊᠊᠊᠊᠊ ᠠᠳ᠋ ᠊᠊᠊᠊᠊᠊᠊᠊᠊᠊᠊᠊᠊᠊᠊ ᠳ᠋ᠢᠨ ᠤ 《ᠰᠤᠳᠤᠷ ᠤᠨ ᠴᠢᠭᠤᠯᠭᠠᠨ》 ᠳ᠋ᠠᠭᠢ ᠨᠢᠭᠡᠨ ᠪᠠᠳᠠᠭ ᠥᠭᠡ ᠶᠢ ᠡ᠊ᠨᠳᠠ ᠰᠡᠢ᠌ᠷᠡᠭᠦᠯᠪᠠᠯ᠄ 《ᠮᠤᠩᠭᠤᠯᠴᠤᠳ ᠡᠪᠦᠭᠡ ᠳᠡᠭᠡᠳᠦᠰ ᠤᠨ ᠶᠢᠡᠨ ᠥᠶ᠎ᠡ ᠵᠠᠯᠭᠠᠮᠵᠢ ᠶᠢ ᠬᠠᠳᠠᠭᠠᠯᠠᠨ ᠴᠡᠭᠡᠵᠢᠯᠡᠵᠤ᠂ ᠬᠡᠦᠬᠡᠳ ᠪᠦᠷᠢ ᠳᠤ ᠡᠪᠦᠭᠡ ᠳᠡᠭᠡᠳᠦᠰ ᠤᠨ ᠭᠢᠨᠢ ᠥᠶ᠎ᠡ ᠵᠠᠯᠭᠠᠮᠵᠢ ᠶᠢ ᠮᠡᠳᠡᠭᠦᠯᠤᠨ ᠴᠡᠭᠡᠵᠢᠯᠡᠭᠦᠯᠭᠦ ᠵᠠᠩᠰᠢᠯ ᠲᠡᠶ᠃ ᠡᠪᠦᠭᠡ ᠳᠡᠭᠡᠳᠦᠰ ᠤᠨ ᠶᠢᠡᠨ ᠥᠶ᠎ᠡ ᠵᠠᠯᠭᠠᠮᠵᠢ ᠶᠢ ᠤᠪᠤᠭ ᠠᠢ᠌ᠮᠠᠭ ᠤᠨ ᠶᠢᠡᠨ ᠥᠪ ᠭᠦᠷᠦᠩᠭᠡ ᠪᠠᠷ ᠥᠵᠡᠳᠡᠭ᠌ ᠶᠢᠡᠷ ᠳᠠᠳᠠᠨ ᠤ ᠳᠤᠳᠤᠷ᠎ᠠ ᠤᠪᠤᠭ ᠠᠢ᠌ᠮᠠᠭ ᠤᠨ ᠶᠢᠡᠨ ᠡᠭᠦᠰᠦᠯ ᠭᠠᠷᠤᠯ ᠢ ᠥᠯᠤ ᠮᠡᠳᠡᠭᠦ ᠭᠦᠮᠤᠨ ᠭᠡᠵᠤ ᠥᠭᠡᠢ ᠶᠤᠮ᠃ ᠮᠤᠩᠭᠤᠯᠴᠤᠳ ᠡᠴᠠ ᠥᠭᠡᠷ᠎ᠡ ᠶᠠᠮᠠᠷ ᠥᠡᠳᠦᠰᠦᠳᠡᠨ ᠳᠤ ᠴᠤ ᠡᠢ᠌ᠮᠤ ᠵᠠᠩᠰᠢᠯ ᠥᠭᠡᠢ ᠶᠤᠮ》 ᠭᠡᠵᠡᠢ᠃

ᠡᠢ᠌ᠮᠤ ᠪᠠᠢ᠌ᠭᠰᠠᠨ ᠪᠣᠯᠪᠠᠴᠤ ᠤᠳᠦᠭᠢ ᠪᠠᠢ᠌ᠳᠠᠯ ᠡᠴᠠ ᠥᠵᠡᠪᠠᠯ᠂ ᠮᠤᠩᠭᠤᠯᠴᠤᠳ ᠤᠨ ᠤᠪᠤᠭ ᠨᠢ ᠥᠰᠦᠭ᠌ ᠪᠢᠴᠢᠭ᠌ ᠮᠡᠳᠡᠭᠦ ᠥᠭᠡᠢ ᠡᠡᠭ᠌ ᠤᠨ ᠠᠷᠠᠤᠨ ᠲᠤ ᠭᠡᠷ ᠤᠨ ᠳᠡᠦᠭᠡ ᠴᠠᠳᠢᠭ ᠪᠠᠢ᠌ᠭᠰᠠᠨ ᠥᠭᠡᠢ ᠡᠷᠳᠡᠨ ᠤ ᠭᠦᠮᠦᠰ ᠰᠢᠭ᠌ ᠨᠢᠭᠡ ᠤᠪᠤᠭ ᠤᠨ ᠭᠢᠨᠢ ᠵᠠᠪᠠᠯ ᠬᠠᠮᠳᠤᠷᠠᠨ ᠠᠮᠢᠳᠤᠷᠠᠬᠤ ᠭᠡᠷᠡᠭ᠌ ᠥᠭᠡᠢ ᠪᠣᠯᠤᠭᠰᠠᠨ ᠢᠯᠠᠩᠭᠤᠶ᠎ᠠ ᠳᠠᠢ᠌ᠨ ᠳᠠᠵᠢᠨ᠂ ᠥᠡᠳᠦᠰᠦᠳᠡᠨ ᠤ ᠳᠠᠷᠤᠯᠠᠯ ᠡᠴᠠ ᠪᠣᠯᠵᠤ ᠳᠡᠦᠭᠡ ᠳᠡᠮᠳᠡᠭᠯᠡᠯ ᠨᠢ ᠭᠡᠭᠡᠭ᠍ᠳᠡᠭ᠍ᠰᠡᠨ ᠪᠠ ᠤᠪᠤᠭ ᠶᠢᠡᠨ ᠨᠢᠭᠤᠵᠤ ᠪᠣᠷᠤᠭᠤᠯᠠᠬᠤ ᠪᠣᠯᠤᠭᠰᠠᠨ ᠵᠡᠷᠭᠡ ᠡᠴᠠ ᠰᠢᠯᠳᠠᠭᠠᠯᠠᠨ ᠮᠠᠷᠳᠠᠭᠳᠠᠵᠤ ᠤᠷᠭᠢᠭᠳᠠᠭᠰᠠᠨ ᠨᠢ ᠤᠯᠡᠨ ᠪᠠᠢ᠌ᠳᠠᠭ᠃ ᠭᠡᠳᠡᠯ᠎ᠡ ᠡᠳᠦᠭᠡ ᠴᠠᠭ ᠲᠤ ᠨᠡᠢ᠌ᠭᠡᠮ ᠬᠤᠪᠢᠷᠠᠵᠤ᠂ ᠪᠢᠴᠢᠭ᠌ ᠰᠤᠶᠤᠯ ᠴᠤ ᠳᠦᠭᠡᠮᠡᠯᠵᠢᠯᠡᠭ᠍ᠰᠡᠨ ᠳᠤᠯᠠ ᠨᠤᠮ ᠪᠢᠴᠢᠭ᠌ ᠲᠤ ᠳᠡᠮᠳᠡᠭᠯᠡᠵᠤ ᠤᠯᠡᠮᠵᠢᠯᠡᠬᠤ ᠠᠷᠭ᠎ᠠ ᠶᠢ ᠭᠡᠷᠡᠭᠯᠡᠪᠠᠴᠤ ᠭᠡᠭᠡᠭ᠍ᠳᠡᠭᠦ ᠥᠭᠡᠢ ᠶᠤᠮ᠃ ᠵᠠᠪᠠᠯ ᠪᠣᠰᠤᠳ ᠲᠡᠶ ᠠᠳᠠᠯᠢ ᠪᠣᠯᠭᠠᠨ ᠨᠠᠷ᠎ᠠ ᠶᠢᠨ ᠶᠢᠡᠨ ᠳᠡᠭᠡᠷ᠎ᠡ ᠬᠠᠳᠠᠬᠤ ᠪᠣᠶᠤ ᠨᠠᠷ᠎ᠠ ᠲᠡᠶ ᠪᠠᠨ ᠨᠡᠢ᠌ᠯᠡᠭᠦᠯᠵᠤ ᠳᠠᠭᠤᠳᠠᠯᠭ᠎ᠠ ᠪᠣᠯᠭᠠᠬᠤ ᠭᠡᠮᠡᠨ ᠤᠷᠦᠯᠳᠤᠭᠰᠠᠨ ᠤ ᠭᠡᠷᠡᠭ᠌ ᠥᠭᠡᠢ ᠪᠢᠯᠠ᠃ ᠥᠨᠡᠨᠳᠡᠭᠡᠨ ᠨᠠᠷ᠎ᠠ ᠲᠡᠶ ᠪᠠᠨ ᠬᠠᠮᠳᠤᠷᠠᠭᠤᠯᠤᠨ ᠪᠢᠴᠢᠵᠤ ᠳᠠᠭᠤᠳᠠᠬᠤ ᠨᠢ ᠴᠤ ᠡᠷᠳᠡᠨ ᠤ ᠪᠢᠴᠢᠭ᠌ ᠰᠤᠶᠤᠯ ᠥᠭᠡᠢ ᠠᠷᠠᠤᠨ ᠲᠤ ᠳᠤᠭᠢᠷᠠᠭᠰᠠᠨ ᠪᠦᠭᠡᠳ ᠥᠰᠦᠭ᠌ ᠪᠢᠴᠢᠭ᠌ ᠤᠨ ᠭᠢᠨᠢ ᠤᠨᠴᠠᠯᠢᠭ ᠲᠤ ᠵᠤᠭᠢᠴᠠᠭᠰᠠᠨ ᠠᠷᠭ᠎ᠠ ᠪᠠᠢ᠌ᠭ᠎ᠠ᠃

ᠮᠤᠩᠭᠤᠯᠴᠤᠳ ᠤᠪᠤᠭ ᠨᠠᠷ᠎ᠠ ᠪᠠᠨ ᠨᠤᠮ ᠪᠢᠴᠢᠭ᠌ ᠲᠤ ᠳᠡᠮᠳᠡᠭᠯᠡᠭᠦ ᠪᠠ ᠬᠠᠶᠠ ᠨᠠᠷ᠎ᠠ ᠳᠠᠪᠬᠤᠴᠠᠬᠤ ᠥᠶ᠎ᠡ ᠳᠤ ᠤᠪᠤᠭ ᠢ ᠨᠠᠷ᠎ᠠ ᠶᠢᠨ ᠳᠤᠳᠤᠤᠠᠬᠠᠯ ᠪᠣᠯᠭᠠᠬᠤ (ᠡᠨᠠ ᠨᠢ ᠵᠠᠷᠢᠮ ᠪᠠᠢ᠌ᠳᠠᠯ ᠳᠤᠤᠷ᠎ᠠ᠂ ᠬᠦᠬᠡᠬᠤᠲᠠ ᠶᠢᠨ ᠪᠠᠭᠠᠳᠤᠷ᠂ ᠤᠯᠠᠭᠠᠡᠴᠡᠪ ᠤᠨ ᠪᠠᠭᠠᠳᠤᠷ ᠭᠡᠭᠦ ᠵᠡᠷᠭᠡ ᠪᠠᠷ ᠢᠯᠭᠠᠨ ᠭᠡᠯᠡᠯᠴᠡᠭᠦ ᠪᠣᠶᠤ ᠳᠤᠳᠤᠷᠬᠠᠢ᠌ᠯᠠᠨ ᠳᠠᠭᠤᠳᠠᠳᠠᠭ ᠲᠡᠶ ᠠᠳᠠᠯᠢᠬᠠᠨ ᠰᠢᠠᠵᠢᠳᠠᠢ ᠶᠤᠮ᠃) ᠳᠠᠭᠠᠨ ᠭᠤᠤᠯᠳᠠᠭᠤ᠄ ᠨᠢᠭᠡ ᠳᠤ᠂ ᠪᠠᠷᠤᠯᠠᠰ ᠤᠪᠤᠭ ᠤᠨ ᠬᠤᠪᠢᠯᠠᠢ᠂ ᠠᠷᠤᠯᠠᠤᠨ ᠤᠪᠤᠭ ᠤᠨ ᠨᠠᠬᠤ ᠪᠠᠶᠠᠨ᠂ ᠬᠠᠳᠠᠭᠢᠨ ᠤᠪᠤᠭ ᠤᠨ ᠴᠢᠯᠠᠭᠤ ᠭᠡᠭᠦ ᠮᠠᠳᠤ ᠪᠠᠷ ᠳᠤᠳᠤᠷᠬᠠᠢ᠌ᠯᠠᠨ ᠪᠢᠴᠢᠭᠦ︔ ᠬᠤᠶᠠᠷ ᠲᠤ᠂ ᠰᠦᠯᠳᠡᠰᠤᠨ ᠤ ᠰᠤᠷᠬᠠᠨ ᠰᠢᠷ᠎ᠠ᠂ ᠬᠤᠩᠬᠤᠳᠠᠨ ᠤ ᠮᠡᠩᠯᠢᠭ᠌᠂ ᠵᠠᠯᠠᠢ᠌ᠷ ᠤᠨ ᠮᠤᠬᠤᠯᠠᠢ ᠭᠡᠭᠦ ᠮᠠᠳᠤ ᠪᠠᠷ ᠬᠠᠷᠢᠶᠠᠯᠠᠬᠤ ᠶᠢᠨ ᠳᠠᠢ᠌ᠨ ᠢᠯᠭᠠᠯ ᠶᠢᠡᠷ ᠭᠡᠯᠪᠠᠷᠢᠵᠢᠭᠦᠯᠭᠦ︔ ᠭᠤᠷᠪᠠ ᠳᠤ᠂ ᠵᠠᠯᠠᠢ᠌ᠷᠳᠠᠢ (ᠵᠠᠯᠠᠢ᠌ᠷ) ᠮᠤᠬᠤᠯᠠᠢ᠂ ᠤᠷᠢᠶᠡᠩᠬᠠᠳᠡᠢ (ᠤᠷᠢᠶᠡᠩᠬᠠᠢ) ᠵᠠᠯᠮ᠎ᠠ᠂ ᠪᠦᠭᠦᠨᠦᠳᠡᠢ (ᠪᠦᠭᠦᠨᠦᠳ) ᠭᠤᠠᠴᠤᠭ᠂ ᠭᠡᠨᠢᠭᠡᠳᠡᠢ (ᠭᠡᠨᠢᠭᠡᠰ) ᠪᠠᠭᠠᠳᠤᠷ᠂ ᠬᠠᠳᠠᠭᠢᠳᠠᠢ (ᠬᠠᠳᠠᠭᠢᠨ) ᠪᠦᠭᠡᠴᠢᠮᠡᠭ᠌᠂ ᠨᠡᠭᠦᠳᠡᠢ ᠴᠠᠭᠠᠠᠭᠤᠸ᠎ᠠ᠂ ᠵᠡᠭᠦᠷᠢᠶᠡᠳᠡᠢ ᠳᠤᠭᠳᠠᠬᠤ ᠭᠡᠭᠦ ᠮᠠᠳᠤ ᠪᠠᠷ 《ᠳ᠋ᠠᠢ》 ᠳᠠᠭᠠᠪᠣᠷᠢ ᠪᠠᠷ ᠬᠤᠪᠢᠯᠭᠠᠬᠤ ᠪᠣᠶᠤ 《ᠳ᠋ᠠᠢ》 ᠳᠠᠭᠠᠪᠣᠷᠢ ᠪᠠᠷ ᠳᠡᠭᠦᠰᠦᠭ᠍ᠰᠡᠨ ᠤᠪᠤᠭ ᠲᠤ ᠨᠠᠷ᠎ᠠ ᠶᠢ ᠰᠢᠭᠤᠳ ᠳᠠᠭᠠᠭᠤᠯᠤᠨ ᠪᠢᠴᠢᠵᠤ ᠳᠠᠭᠤᠳᠠᠬᠤ︔ ᠳᠦᠷᠪᠡ ᠳᠤ᠂ ᠶ‍ᠢᠰᠦᠭᠡᠢ ᠭᠢᠶᠠᠨ᠂ ᠮᠦᠩᠭᠡᠳᠤ ᠭᠢᠶᠠᠨ᠂ ᠵᠠᠮᠤᠬ᠎ᠠ ᠵᠠᠳᠠᠷᠠᠨ ᠭᠡᠭᠦ ᠮᠠᠳᠤ ᠪᠠᠷ ᠨᠠᠷ᠎ᠠ ᠶᠢᠨ ᠳᠤᠤᠷ᠎ᠠ ᠤᠪᠤᠭ ᠢ ᠳᠠᠭᠠᠭᠤᠯᠵᠤ ᠳᠤᠳᠤᠤᠠᠬᠠᠬᠤ ᠠᠷᠭ᠎ᠠ ᠭᠡᠯᠪᠠᠷᠢ ᠶᠢ ᠭᠡᠷᠡᠭᠯᠡᠳᠡᠭ᠌᠃

ᠰᠡᠭᠦᠯ ᠤᠨ ᠥᠶ᠎ᠡ ᠳᠤ ᠮᠤᠩᠭᠤᠯᠴᠤᠳ ᠪᠠᠰᠠ ᠥᠪᠠᠷ ᠤᠨ ᠵᠤᠬᠢᠶᠠᠯ ᠪᠦᠳᠦᠭᠡᠯ ᠵᠡᠷᠭᠡ ᠳᠤ ᠨᠠᠷ᠎ᠠ ᠪᠠᠨ ᠳᠡᠮᠳᠡᠭᠯᠡᠭᠦ ᠳᠡᠭᠡᠨ ᠤᠪᠤᠭ ᠶᠢᠡᠨ ᠨᠠᠷ᠎ᠠ ᠶᠢᠨ ᠶᠢᠡᠨ ᠬᠠᠮᠳᠤ ᠪᠢᠴᠢᠭᠦ ᠪᠣᠯᠵᠠᠢ᠃ ᠡᠨᠠ ᠨᠢ ᠥᠪᠠᠷ ᠢ ᠪᠠᠨ ᠳᠤᠳᠤᠷᠬᠠᠢ ᠳᠡᠮᠳᠡᠭᠯᠡᠭᠦ ᠭᠡᠰᠡᠨ ᠰᠠᠨᠠᠭ᠎ᠠ᠂ ᠡᠰᠡᠭᠦᠯ᠎ᠡ ᠤᠪᠤᠭ ᠨᠠᠷ᠎ᠠ ᠪᠠᠨ ᠨᠤᠮ ᠪᠢᠴᠢᠭ᠌ ᠲᠤ ᠳᠡᠮᠳᠡᠭᠯᠡᠨ ᠥᠯᠡᠳᠡᠭᠡᠭᠦ ᠭᠡᠰᠡᠨ ᠰᠠᠨᠠᠭ᠎ᠠ ᠪᠠᠢ᠌ᠭ᠎ᠠ᠃ ᠢᠩᠭᠢᠵᠤ ᠳᠡᠮᠳᠡᠭᠯᠡᠭᠦ ᠳᠤ ᠤᠯᠡᠡᠩᠭᠢ ᠳᠠᠭᠠᠨ᠄ ᠪᠣᠷᠵᠢᠭᠢᠨ ᠪᠠᠶᠠᠷᠮᠠᠠᠳᠤ᠂ ᠮᠠᠩᠭᠤᠳ ᠨᠡᠰᠦᠡᠪᠦᠭᠡ᠂ ᠠᠯᠳᠠᠤᠨ ᠳᠠᠮᠪᠠ ᠭᠡᠭᠦ ᠮᠠᠳᠤ ᠪᠠᠷ ᠳᠠᠭᠠᠪᠣᠷᠢ᠂ ᠴᠢᠭ᠌ ᠳᠡᠮᠳᠡᠭ᠌ ᠠᠪᠬᠤ ᠥᠭᠡᠢ ᠪᠢᠴᠢᠭᠦ︔ ᠪᠣᠷᠵᠢᠭᠢᠨ·ᠭᠦᠭᠡᠳᠡᠢ᠂ ᠠᠷᠤᠯᠠᠤᠨ·ᠪᠣᠶᠠᠠᠳᠤ᠂ ᠬᠠᠳᠠᠴᠢ·ᠨᠠᠰᠤᠨ ᠭᠡᠭᠦ ᠮᠠᠳᠤ ᠪᠠᠷ ᠤᠪᠤᠭ ᠨᠠᠷ᠎ᠠ ᠶᠢᠨ ᠳᠤᠮᠳᠠ ᠨᠢ ᠳᠤᠭᠤᠷᠢᠭ ᠴᠢᠭ᠌ ᠠᠪᠴᠤ ᠪᠢᠴᠢᠭᠦ ᠠᠷᠭ᠎ᠠ ᠶᠢ ᠭᠡᠷᠡᠭᠯᠡᠵᠤ ᠪᠠᠢ᠌ᠨ᠎ᠡ᠃ ᠬᠠᠶᠠ ᠵᠠᠷᠢᠮ ᠨᠤᠮ ᠰᠡᠳᠭᠦᠯ ᠳᠤ ᠪᠠᠰᠠ ᠠᠷᠤᠯᠠᠤᠨ ᠤᠨ ᠪᠠᠶᠠᠷ᠂ ᠬᠠᠳᠠᠭᠢᠨ ᠤ ᠪᠠᠳᠠᠷᠠᠬᠤ ᠭᠡᠭᠦ ᠮᠠᠳᠤ ᠪᠠᠷ ᠬᠠᠷᠢᠶᠠᠯᠠᠬᠤ ᠶᠢᠨ ᠳᠠᠢ᠌ᠨ ᠢᠯᠭᠠᠯ ᠲᠡᠶ ᠪᠢᠴᠢᠵᠤ ᠪᠠᠢ᠌ᠨ᠎ᠡ᠃ ᠡᠨᠠ ᠨᠢ ᠡᠴᠢᠭᠡ ᠶᠢᠨ ᠨᠠᠷ᠎ᠠ ᠶᠢᠨ ᠳᠤᠳᠤᠤᠠᠬᠠᠯ ᠲᠡᠶ ᠬᠤᠤᠠᠬᠤᠯᠳᠤᠬᠤ ᠪᠣᠯᠤᠯᠴᠠᠭ᠎ᠠ ᠲᠡᠶ ᠳᠤᠯᠠ ᠥᠭᠡᠢ᠌ᠰᠭᠡᠪᠠᠯ ᠵᠤᠭᠢᠨ᠎ᠡ᠃ ᠡᠭᠦᠨ ᠡᠴᠠ ᠭᠠᠳᠠᠨ᠎ᠡ ᠬᠠᠶᠠ ᠵᠠᠷᠢᠮ ᠭᠦᠮᠤᠨ 《ᠪᠣ·》 (ᠪᠣᠷᠵᠢᠭᠢᠨ ᠤᠪᠤᠭ ᠶᠢᠡᠨ)᠂ 《ᠭᠡ᠊·》 (ᠭᠡᠷᠡᠢ᠌ᠤᠨ ᠤᠪᠤᠭ ᠶᠢᠡᠨ) ᠭᠡᠭᠦ ᠮᠠᠳᠤ ᠪᠢᠴᠢᠵᠤ ᠪᠠᠢ᠌ᠳᠠᠭ᠃ ᠡᠨᠠ ᠨᠢ ᠤᠪᠤᠭ ᠪᠠ ᠡᠴᠢᠭᠡ ᠶᠢᠨ ᠨᠠᠷ᠎ᠠ ᠶᠢᠨ ᠳᠤᠪᠴᠢᠯᠠᠯ ᠤᠨ ᠢᠯᠭᠠᠭ᠎ᠠ ᠶᠢ ᠮᠡᠳᠡᠳᠡᠭ᠌ ᠥᠭᠡᠢ ᠭᠦᠮᠤᠨ ᠤ ᠳᠤᠷ᠎ᠠ ᠳᠠᠪᠠ ᠪᠠᠷ ᠶᠢᠡᠨ ᠳᠠᠰᠢᠶ᠎ᠠ ᠪᠣᠷᠤᠭᠤ ᠪᠢᠴᠢᠭ᠍ᠰᠡᠨ ᠤᠨᠴᠠᠭᠠᠢ ᠥᠵᠡᠭ᠍ᠳᠡᠯ ᠪᠢᠯᠠ᠃

ᠪᠢᠳᠠ ᠥᠪᠠᠷ ᠤᠨ ᠥᠡᠳᠦᠰᠦᠳᠡᠨ ᠤ ᠪᠠᠨ ᠤᠪᠤᠭ ᠶᠢᠡᠨ ᠵᠥᠪᠭᠡᠨ ᠨᠤᠮ ᠪᠢᠴᠢᠭ᠌ ᠲᠤ ᠪᠢᠴᠢᠵᠤ᠂ ᠤᠳᠦᠮ ᠭᠠᠷᠤᠯ ᠶᠢᠡᠨ ᠳᠡᠮᠳᠡᠭᠯᠡᠭᠦ ᠳᠤ ᠯᠠ ᠭᠡᠷᠡᠭᠯᠡᠭᠦ ᠡᠴᠠ ᠪᠢᠰᠢ ᠬᠠᠷᠢᠨ ᠡᠡᠭ᠌ ᠤᠨ ᠪᠠᠢ᠌ᠳᠠᠯ ᠳᠤᠤᠷ᠎ᠠ ᠨᠠᠷ᠎ᠠ ᠲᠡᠶ ᠬᠠᠮᠳᠤᠷᠠᠭᠤᠯᠤᠨ ᠳᠠᠭᠤᠳᠠᠯᠭ᠎ᠠ ᠪᠣᠯᠭᠠᠨ ᠭᠡᠷᠡᠭᠯᠡᠳᠡᠭ᠌ ᠥᠭᠡᠢ ᠵᠠᠩᠰᠢᠯ ᠢ ᠵᠦᠪ ᠶᠢᠡᠷ ᠥᠢᠯᠡᠭᠠᠬᠤ ᠭᠡᠷᠡᠭ᠍ᠳᠡᠢ᠃ ᠪᠢᠳᠠ ᠶᠠᠷᠤ ᠨᠢ ᠤᠪᠤᠭ ᠭᠡᠭ᠍ᠰᠡᠭᠡᠷ ᠯᠠ ᠳᠠᠷᠠ ᠨᠢ ᠴᠦᠮ ᠭᠢᠳᠠᠤᠨ ᠥᠡᠳᠦᠰᠦᠳᠡᠨ ᠤ ᠤᠪᠤᠭ ᠲᠡᠶ ᠠᠳᠠᠯᠢᠬᠠᠨ ᠶᠠᠭᠤᠮ᠎ᠠ ᠭᠡᠮᠡᠨ ᠥᠢᠯᠡᠭᠠᠬᠤ ᠪᠣᠯᠴᠢᠬᠠᠭᠰᠠᠨ ᠠᠵᠢ᠃ ᠢᠩᠭᠢᠭᠡᠳ ᠥᠪᠠᠷ ᠤᠨ ᠤᠪᠤᠭ ᠶᠢᠡᠨ ᠭᠢᠳᠠᠤᠨ ᠤᠪᠤᠭ ᠲᠡᠶ ᠠᠳᠠᠯᠢᠬᠠᠨ ᠶᠠᠭᠤᠮ᠎ᠠ ᠪᠣᠯᠭᠠᠬᠤ ᠪᠣᠶᠤ ᠠᠳᠠᠯᠢᠬᠠᠨ ᠶᠢᠡᠷ ᠭᠡᠷᠡᠭᠯᠡᠭᠦ ᠭᠡᠮᠡᠨ ᠤᠷᠦᠯᠳᠤᠭᠰᠠᠭᠠᠷ ᠪᠠᠢ᠌ᠭᠠᠤᠨ ᠥᠪᠠᠷ ᠤᠨ ᠵᠢᠩᠭᠢᠨᠢ ᠤᠪᠤᠭ ᠶᠢᠡᠨ ᠭᠡᠭᠡᠵᠤ ᠳᠠᠭᠤᠰᠬᠤ ᠰᠢᠬᠠᠵᠠᠢ᠃ ᠵᠤᠬᠢᠶᠠᠯ ᠥᠭᠦᠯᠡᠯ ᠳᠤ ᠴᠤ ᠮᠤᠩᠭᠤᠯ ᠭᠦᠮᠤᠨ ᠤᠪᠤᠭ ᠲᠡᠶ᠂ ᠤᠪᠤᠭ ᠥᠭᠡᠢ ᠭᠡᠭᠦ ᠶᠢ ᠨᠤᠳᠠᠯᠠᠬᠤ ᠪᠠᠷ ᠤᠷᠦᠯᠳᠦᠵᠤ ᠪᠠᠢ᠌ᠳᠠᠭ ᠢ ᠠᠵᠢᠭᠯᠠᠪᠠᠯ᠂ ᠰᠠᠢ᠌ᠨ ᠰᠠᠢ᠌ᠬᠠᠨ ᠰᠠᠨᠠᠭ᠎ᠠ ᠵᠤᠷᠢᠯᠭ᠎ᠠ ᠲᠡᠶ ᠶᠠᠪᠣᠳᠠᠯ ᠪᠣᠯᠪᠠᠴᠤ ᠮᠦᠨ ᠯᠠ ᠤᠪᠤᠭ ᠭᠡᠮᠡᠭ᠍ᠴᠢ ᠶᠢ ᠴᠦᠮ ᠭᠢᠳᠠᠤᠨ ᠭᠦᠮᠤᠨ ᠤ ᠤᠪᠤᠭ ᠶᠢᠡᠷ ᠪᠠᠷᠢᠮᠵᠢᠶᠠᠯᠠᠳᠠᠭ ᠥᠵᠡᠯᠳᠡ ᠪᠣᠶᠤ ᠤᠪᠤᠭ ᠭᠡᠳᠡᠭ᠌ ᠤᠨ ᠤᠬᠠᠭᠳᠠᠬᠤᠨ ᠤ ᠳᠤᠬᠠᠢ ᠪᠠᠯᠠᠷᠬᠠᠢ ᠥᠢᠯᠡᠭᠠᠯᠳᠡ ᠶᠢᠨ ᠨᠥᠯᠦᠭᠡ ᠡᠴᠠ ᠡᠭᠦᠰᠦᠯᠳᠡ ᠲᠡᠶ ᠤᠴᠢᠷ ᠪᠠᠢ᠌ᠭ᠎ᠠ᠃ ᠮᠤᠩᠭᠤᠯ ᠭᠦᠮᠤᠨ ᠤ ᠤᠪᠤᠭ ᠢ ᠳᠡᠦᠭᠡ ᠰᠤᠳᠤᠷ ᠲᠤ ᠳᠠᠢ᠌ᠮᠤ ᠠᠷᠪᠢᠨ ᠶᠢᠡᠷ ᠳᠤᠷᠠᠢ᠌ᠳᠠᠯ᠎ᠠ ᠳᠡᠮᠳᠡᠭᠯᠡᠵᠤ ᠪᠠᠢ᠌ᠬᠤ ᠳᠤ᠂ ᠤᠪᠤᠭ ᠲᠡᠶ᠂ ᠤᠪᠤᠭ ᠥᠭᠡᠢ ᠭᠡᠮᠡᠨ ᠭᠡᠯᠡᠯᠴᠡᠳᠡᠭ᠌ ᠨᠢ ᠶᠠᠭᠤᠨ ᠡᠴᠠ ᠪᠣᠯᠪᠠ︖ ᠭᠠᠭᠴᠡᠭᠦ᠂ ᠨᠠᠷ᠎ᠠ ᠶᠢᠨ ᠳᠡᠷᠢᠭᠦᠨ ᠳᠤ ᠤᠷᠤᠭᠤᠯᠵᠤ᠂ ᠨᠠᠷ᠎ᠠ ᠶᠢ ᠳᠦᠯᠦᠭᠡᠯᠡᠭᠦᠯᠤᠨ ᠳᠠᠭᠤᠳᠠᠯᠭ᠎ᠠ ᠳᠤ ᠭᠡᠷᠡᠭᠯᠡᠳᠡᠭ᠌ ᠶᠠᠭᠤᠮ᠎ᠠ ᠪᠣᠯ ᠰᠠ‍‌ᠶᠢ ᠤᠪᠤᠭ ᠮᠦᠨ ᠭᠡᠵᠤ ᠥᠵᠡᠭᠦ ᠪᠣᠯᠤᠭᠰᠠᠨ ᠪᠠᠢ᠌ᠳᠠᠯ ᠳᠤᠤᠷ᠎ᠠ ᠯᠠ ᠮᠤᠩᠭᠤᠯ ᠭᠦᠮᠤᠨ ᠪᠠᠰᠠ ᠤᠪᠤᠭ ᠲᠡᠶ ᠶᠤᠮ ᠭᠡᠵᠤ ᠳᠤᠳᠤᠷᠬᠠᠢ᠌ᠯᠠᠬᠤ ᠤᠴᠢᠷ ᠪᠣᠢ ᠪᠣᠯᠤᠨ᠎ᠡ᠃

ᠥᠡᠳᠦᠰᠦᠳᠡᠨ ᠨᠤᠭᠦᠳ ᠤᠨ ᠤᠪᠤᠭ ᠨᠢ ᠭᠦᠮᠦᠰ ᠤᠨ ᠤᠳᠦᠮ ᠭᠠᠷᠤᠯ ᠤᠨ ᠬᠤᠯᠪᠣᠭ᠎ᠠ ᠶᠢ ᠢᠯᠡᠳᠭᠡᠭᠦ ᠳᠡᠮᠳᠡᠭ᠌ ᠪᠣᠯᠳᠠᠭ ᠳᠡᠭᠡᠷ᠎ᠡ ᠯᠠ ᠨᠢᠭᠡᠳᠦᠯᠳᠡᠢ ᠪᠠᠢ᠌ᠳᠠᠭ᠃ ᠤᠪᠤᠭ ᠶᠢᠡᠨ ᠤᠯᠡᠮᠵᠢᠯᠡᠵᠤ ᠭᠡᠷᠡᠭᠯᠡᠭᠦ ᠠᠷᠭ᠎ᠠ ᠭᠡᠯᠪᠠᠷᠢ ᠶᠢᠨ ᠬᠤᠪᠢ ᠳᠤ ᠠᠳᠠᠯᠢ ᠪᠣᠰᠤ ᠶᠤᠮ᠃ ᠭᠢᠳᠠᠤᠨ ᠥᠡᠳᠦᠰᠦᠳᠡᠨ ᠵᠡᠷᠭᠡ ᠵᠠᠷᠢᠮ ᠥᠡᠳᠦᠰᠦᠳᠡᠨ ᠨᠢ ᠤᠪᠤᠭ ᠶᠢᠡᠨ ᠨᠠᠷ᠎ᠠ ᠲᠡᠶ ᠪᠠᠨ ᠬᠠᠮᠳᠤᠷᠠᠭᠤᠯᠤᠨ ᠡᠩ ᠤᠨ ᠴᠠᠭ ᠤᠨ ᠳᠠᠭᠤᠳᠠᠯᠭ᠎ᠠ ᠪᠣᠯᠭᠠᠳᠠᠭ ᠪᠠᠢ᠌ᠬᠤ ᠳᠤ᠂ ᠮᠤᠩᠭᠤᠯ ᠥᠡᠳᠦᠰᠦᠳᠡᠨ ᠢ ᠪᠠᠭᠳᠠᠭᠠᠭᠰᠠᠨ ᠤᠯᠡᠨ ᠳᠤᠭᠠᠨ ᠤ ᠥᠡᠳᠦᠰᠦᠳᠡᠨ ᠨᠢ ᠤᠪᠤᠭ ᠶᠢᠡᠨ ᠳᠡᠮᠳᠡᠭᠯᠡᠵᠤ ᠴᠡᠭᠡᠵᠢᠯᠡᠵᠤ ᠶᠠᠪᠣᠳᠠᠭ ᠡᠴᠠ ᠪᠢᠰᠢ᠂ ᠡᠩ ᠤᠨ ᠪᠠᠢ᠌ᠳᠠᠯ ᠳᠤᠤᠷ᠎ᠠ ᠨᠠᠷ᠎ᠠ ᠶᠢᠨ ᠬᠠᠮᠳᠤ ᠭᠡᠷᠡᠭᠯᠡᠳᠡᠭ᠌ ᠥᠭᠡᠢ᠃ ᠪᠠᠰᠠ ᠵᠠᠷᠢᠮ ᠥᠡᠳᠦᠰᠦᠳᠡᠨ ᠨᠢ ᠡᠩ ᠤᠨ ᠴᠠᠭ ᠲᠤ ᠤᠪᠤᠭ ᠶᠢᠡᠷ ᠨᠢ ᠳᠠᠭᠤᠳᠠᠬᠤ ᠪᠣᠶᠤ ᠤᠪᠤᠭ ᠨᠢ ᠨᠠᠷ᠎ᠠ ᠶᠢᠨ ᠥᠢᠯᠡᠳᠦᠯ ᠥᠵᠡᠭᠦᠯᠵᠤ᠂ ᠨᠠᠷ᠎ᠠ ᠨᠢ ᠢᠯᠭᠠᠨ ᠳᠤᠳᠤᠤᠠᠬᠠᠬᠤ ᠥᠢᠯᠡᠳᠦᠯ ᠥᠵᠡᠭᠦᠯᠳᠡᠭ᠌᠁ ᠭᠡᠭᠦ ᠮᠠᠳᠤᠴᠢᠯᠠᠨ ᠶᠠᠩᠵᠤ ᠶᠠᠩᠵᠤ ᠶᠢᠨ ᠤᠨᠴᠠᠯᠢᠭ᠂ ᠥᠪᠠᠷ ᠥᠪᠠᠷ ᠤᠨ ᠵᠠᠩᠰᠢᠯ ᠲᠡᠶ ᠪᠠᠢ᠌ᠳᠠᠭ᠃

ᠨᠥᠭᠦᠭᠡ ᠳᠠᠯ᠎ᠠ ᠪᠠᠷ ᠤᠪᠤᠭ ᠭᠡᠭ᠍ᠴᠢ ᠪᠣᠯ ᠳᠡᠦᠭᠡ ᠶᠢᠨ ᠥᠵᠡᠭ᠍ᠳᠡᠯ ᠮᠦᠨ᠃ ᠳᠠᠷᠠ ᠨᠢ ᠵᠤᠭᠢᠬᠤ ᠨᠡᠢ᠌ᠭᠡᠮ ᠤᠨ ᠨᠥᠭᠦᠴᠡᠯ ᠳᠤᠤᠷ᠎ᠠ ᠪᠣᠢ ᠪᠣᠯᠵᠤ᠂ ᠨᠡᠢ᠌ᠭᠡᠮ ᠠᠮᠢᠳᠤᠷᠠᠯ ᠤᠨ ᠬᠤᠪᠢᠷᠠᠯᠳᠠ ᠶᠢ ᠳᠠᠭᠠᠯᠳᠤᠨ ᠳᠡᠭᠦᠨ ᠤ ᠤᠳᠬ᠎ᠠ ᠤᠬᠠᠭᠳᠠᠬᠤᠨ᠂ ᠥᠢᠯᠡᠳᠦᠯ ᠭᠡᠷᠡᠭ᠍ᠴᠡᠭᠡ ᠨᠢ ᠬᠤᠪᠢᠷᠠᠨ᠂ ᠴᠢᠨᠠᠭᠰᠢᠳᠠ ᠭᠡᠭᠡᠭ᠍ᠳᠡᠨ ᠥᠭᠡᠢ᠌ᠰᠭᠦ ᠴᠤ ᠪᠣᠯᠤᠯᠴᠠᠭ᠎ᠠ ᠲᠡᠶ ᠶᠤᠮ᠃ ᠥᠡᠳᠦᠰᠦᠳᠡᠨ ᠨᠢᠭᠡᠪᠦᠷᠢ ᠶᠢᠨ ᠬᠤᠪᠢ ᠳᠤ ᠪᠣᠯ᠂ ᠤᠪᠤᠭ ᠶᠢᠡᠨ ᠭᠢᠷᠢ ᠵᠡᠷᠭᠡ ᠡᠷᠭᠢᠮᠯᠡᠭᠦ᠂ ᠭᠡᠷᠭᠢᠨ ᠭᠡᠷᠡᠭᠯᠡᠭᠦ᠂ ᠴᠠᠭᠠᠰᠢᠳᠠ ᠤᠭ ᠡᠴᠠ ᠤᠯᠡᠮᠵᠢᠯᠡᠵᠤ ᠢᠷᠡᠭ᠍ᠰᠡᠨ ᠤᠪᠤᠭ ᠪᠠᠢ᠌ᠬᠤ ᠡᠰᠡᠭᠦ ᠨᠢ ᠳᠤᠰ ᠳᠤᠰ ᠤᠨ ᠶᠢᠡᠨ ᠵᠠᠩ ᠵᠤᠷᠰᠢᠯ ᠡᠴᠠ ᠰᠢ᠌ᠳᠪᠦᠷᠢᠯᠡᠭ᠍ᠳᠡᠭᠦ ᠤᠴᠢᠷ ᠪᠣᠯᠤᠨ᠎ᠡ᠃ ᠡᠳᠦᠭᠡ ᠶᠢᠨ ᠵᠠᠷᠢᠮ ᠭᠦᠭ᠍ᠵᠢᠭ᠍ᠰᠡᠨ᠂ ᠪᠣᠯᠪᠠᠰᠤᠨ ᠥᠡᠳᠦᠰᠦᠳᠡᠨ ᠳᠤ ᠴᠤ ᠤᠪᠤᠭ ᠭᠡᠳᠡᠭ᠌ ᠢ ᠳᠠᠮᠠᠢ ᠡᠷᠭᠢᠮᠯᠡᠳᠡᠭ᠌ ᠥᠭᠡᠢ ᠪᠣᠶᠤ ᠭᠡᠷᠡᠭᠯᠡᠳᠡᠭ᠌ ᠥᠭᠡᠢ ᠥᠡᠳᠦᠰᠦᠳᠡᠨ ᠪᠠᠢ᠌ᠳᠠᠭ ᠶᠤᠮ᠃ ᠡᠢ᠌ᠮᠤ ᠡᠴᠠ ᠤᠳᠤ ᠥᠶ᠎ᠡ ᠶᠢᠨ ᠨᠡᠢ᠌ᠭᠡᠮ ᠳᠤ ᠪᠣᠳᠠᠳᠠᠢ ᠨᠢᠭᠡᠨ ᠥᠡᠳᠦᠰᠦᠳᠡᠨ ᠤ ᠤᠪᠤᠭ ᠤᠨ ᠪᠠᠢ᠌ᠳᠠᠯ ᠨᠢ ᠥᠡᠳᠦᠰᠦᠳᠡᠨ ᠤ ᠵᠠᠩ ᠵᠠᠩᠰᠢᠯ ᠢ ᠳᠤᠰᠬᠠᠬᠤ ᠡᠴᠠ ᠪᠢᠰᠢ᠂ ᠬᠠᠷᠢᠨ ᠳᠠᠪᠰᠢᠩᠭᠤᠢ ᠪᠠ ᠬᠤᠴᠤᠷᠤᠩᠭᠤᠢ᠂ ᠪᠣᠯᠪᠠᠰᠤᠨ ᠪᠠ ᠪᠣᠯᠪᠠᠰᠤᠨ ᠪᠣᠰᠤ ᠶᠢ ᠬᠠᠷᠠᠭᠤᠯᠵᠤ ᠴᠢᠳᠠᠬᠤ ᠥᠭᠡᠢ᠃ ᠵᠢᠱᠢᠶᠠᠯᠠᠪᠠᠯ᠂ ᠭᠢᠳᠠᠳᠴᠤᠳ ᠤᠪᠤᠭ ᠶᠢᠡᠨ ᠠᠮᠠᠨ ᠳᠠᠭᠠᠨ ᠬᠠᠳᠠᠵᠤ᠂ ᠤᠪᠤᠭ ᠶᠢᠡᠨ ᠮᠡᠳᠡᠭᠦ ᠥᠭᠡᠢ ᠭᠡᠪᠠᠯ ᠭᠦᠮᠤᠨ ᠪᠢᠰᠢ ᠰᠢᠭ᠌ ᠶᠢᠡᠷ ᠥᠵᠡᠳᠡᠭ᠌ ᠨᠢ ᠳᠠᠳᠠᠨ ᠤ ᠵᠠᠩᠰᠢᠯ ᠪᠣᠯᠤᠨ᠎ᠡ᠃ ᠮᠤᠩᠭᠤᠯᠴᠤᠳ ᠲᠤ ᠨᠠᠷ᠎ᠠ ᠶᠢᠨ ᠶᠢᠡᠨ ᠳᠦᠷᠦᠭᠦᠨ ᠳᠤ ᠤᠭᠰᠡᠷᠡᠴᠢᠬᠠᠮᠡᠷ ᠠᠪᠰᠠᠷᠬᠠᠨ ᠤᠪᠤᠭ ᠥᠭᠡᠢ᠂ ᠮᠠᠰᠢ ᠤᠯᠡᠨ ᠭᠦᠮᠤᠨ ᠤᠪᠤᠭ ᠶᠢᠡᠨ ᠮᠡᠳᠡᠳᠡᠭ᠌ ᠥᠭᠡᠢ ᠤᠴᠢᠷ ᠡᠴᠠ ᠪᠣᠯᠵᠤ ᠪᠠᠯᠠᠢ ᠮᠤᠩᠬᠠᠭ ᠪᠣᠶᠤ ᠬᠤᠴᠤᠷᠤᠩᠭᠤᠢ ᠪᠣᠯᠴᠢᠬᠠᠬᠤ ᠪᠢᠰᠢ ᠶᠤᠮ᠃ ᠬᠠᠷᠢᠨ ᠥᠪᠠᠷ ᠤᠨ ᠶᠢᠡᠨ ᠭᠡᠭᠦ ᠤᠨᠴᠠᠯᠢᠭ ᠥᠭᠡᠢ᠂ ᠤᠪᠤᠭ ᠨᠠᠷ᠎ᠠ ᠪᠠᠨ ᠭᠦᠷᠳᠡᠯ᠎ᠡ ᠪᠣᠰᠤᠳ ᠤᠨ ᠶᠠᠭᠤᠮ᠎ᠠ ᠪᠠᠷ ᠤᠷᠦᠯᠠᠭᠤᠯᠵᠤ ᠶᠠᠪᠣᠪᠠᠯ ᠳᠡᠯᠡᠭᠡᠢ ᠳ᠋ᠠᠭᠢᠨ ᠳᠤ ᠮᠤᠩᠭᠤᠯ ᠪᠢᠰᠢ᠂ ᠮᠤᠩᠬᠠᠭ ᠭᠡᠵᠤ ᠳᠠᠨᠢᠭᠳᠠᠨ᠎ᠡ᠃

ᠮᠤᠩᠭ᠋ᠤᠯᠴᠤᠳ ᠣᠪᠣᠭ ᠶᠢᠡᠨ ᠭᠡᠷᠭᠢᠨ ᠣᠯᠠᠮᠵᠢᠯᠠᠵᠤ ᠭᠡᠷᠡᠭᠯᠡᠪᠠᠯ ᠵᠤᠭᠢᠬᠤ ᠳᠤᠬᠠᠢ ᠣᠯᠠᠮ ᠴᠢᠨᠠᠭᠰᠢᠳᠠ ᠣᠢ᠌ᠯᠠᠭᠠᠶ᠎ᠠ ᠭᠡᠪᠠᠯ᠂ 《ᠮᠤᠩᠭᠤᠯ ᠭᠦᠮᠤᠨ ᠤ ᠭᠢᠳᠠᠳᠴᠢᠯᠠᠭᠰᠠᠨ ᠤᠪᠤᠭ ᠭᠡᠮᠡᠭ᠍ᠴᠢ》 ᠭᠡᠭᠦ ᠵᠤᠬᠢᠶᠠᠯ (ᠳᠤᠰ ᠰᠦᠯᠵᠢᠶᠠᠨ ᠳᠤ) ᠪᠣᠶᠤ 《ᠮᠤᠩᠭ᠋ᠤᠯ ᠨᠠᠷ᠎ᠠ ᠬᠠᠢ᠌ᠷᠠᠯᠠᠬᠤ ᠶᠢᠨ ᠣᠴᠢᠷ ᠶᠤᠰᠤᠨ》 ᠭᠡᠭᠦ ᠨᠤᠮ ᠢ ᠣᠩᠰᠢᠭᠠᠷᠠᠢ︕

ᠠᠯᠳᠠᠤᠨ ᠳᠠᠮᠪᠠ ᠶᠢᠨ 《ᠮᠤᠩᠭᠤᠯ ᠤᠪᠤᠭ ᠤᠨ ᠡᠭᠦᠰᠦᠯ ᠭᠢᠭᠡᠳ ᠮᠤᠩᠭᠤᠯ ᠠᠷᠠᠤᠨ ᠤᠨ ᠤᠪᠤᠭᠯᠠᠬᠤ ᠶᠤᠰᠤᠨ》 ᠭᠡᠭᠦ ᠵᠤᠬᠢᠶᠠᠯ ᠳᠤ᠂ 《ᠮᠤᠩᠭᠤᠯ ᠭᠡᠯᠡ ᠪᠢᠴᠢᠭ᠌》 ᠰᠡᠳᠭᠦᠯ ᠤᠨ 1989᠂ 6 ᠳ᠋ᠤᠭᠠᠷ ᠬᠤᠭᠤᠴᠠᠭ᠎ᠠ᠃

《ᠮᠤᠩᠭᠤᠯ ᠵᠠᠩ ᠥᠢᠯᠡ ᠶᠢᠨ ᠵᠦᠢ᠌》 ᠭᠡᠭᠦ ᠨᠤᠮ ᠡᠴᠠ᠃ ᠯᠢᠶᠤᠤᠨᠢᠩ ᠤᠨ ᠥᠡᠳᠦᠰᠦᠳᠡᠨ ᠤ ᠭᠡᠪᠯᠡᠯ ᠤᠨ ᠬᠤᠷᠢᠶ᠎ᠠ᠂ 1995 ᠡᠳ᠃


ᠵᠤᠬᠢᠶᠠᠭᠴᠢ ᠶᠢᠨ ᠬᠠᠶ‍ᠢᠭ ᠄ ᠦᠪᠣᠷ ᠮᠤᠩᠭ᠋ᠤᠯ ᠤᠨ ᠣᠷᠳᠤᠰ ᠬᠤᠳᠠ

ᠵᠤᠬᠢᠶᠠᠭᠴᠢ᠄ ᠪᠠᠶᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7503
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ