☆ ᠶᠠᠨ ᠸᠧᠢ ᠵᠢᠶᠧ
ᠢᠷᠡᠭᠡᠳᠦᠢ ᠶᠢᠨ 30 ᠵᠢᠯ ᠳᠤ ᠢᠨᠲ᠋ᠧᠷ ᠰᠦᠯᠵᠢᠶ᠎ᠡ ᠶᠠᠮᠠᠷ ᠰᠢᠦᠬᠠᠨ ᠪᠤᠯᠵᠤ ᠬᠤᠪᠢᠷᠠᠳᠠᠭ ᠪᠤᠯ︖
ᠣᠢ᠌ᠷ᠎ᠠ ᠳᠤ ᠠᠮᠸᠷᠢᠺᠠ ᠶᠢᠨ 《ᠢᠷᠡᠭᠡᠳᠦᠢ ᠶᠢᠨ ᠰᠢᠡᠵᠢᠯᠡᠭᠦ ᠣᠬᠠᠭᠠᠨ》 ᠰᠤᠨᠭᠦᠯ ᠤᠨ ᠭᠢᠨ ᠤ ᠳᠦᠰᠦᠭᠡᠯᠡᠭ᠍ᠰᠡᠨ ᠢ ᠦᠨᠳᠦᠰᠦᠯᠠᠪᠠᠯ᠂ 2030 ᠣᠨ ᠪᠣᠯᠬᠤ ᠳᠤ ᠭᠦᠮᠤᠨ ᠪᠣᠯᠭᠠᠨ IP ᠬᠠᠶᠢᠭ ᠲᠡᠶ ᠪᠣᠯᠵᠤ᠂ ᠬᠠᠮᠢᠭ᠎ᠠ ᠨᠢ ᠴᠤ ᠭᠡᠰᠡᠨ ᠪᠦᠷ ᠢᠠᠲ᠋ᠸᠷ ᠰᠦᠯᠵᠢᠶ᠎ᠠ ᠲᠡᠶ ᠪᠣᠯᠵᠤ ᠭᠦᠭ᠍ᠵᠢᠭᠦ ᠪᠣᠯᠤᠨ᠎ᠠ᠃ ᠭᠡᠭᠦ ᠳᠤ ᠮᠠᠨ ᠤ ᠣᠯᠤᠰ ᠤᠨ ᠡᠷᠳᠡᠮᠳᠡᠨ ᠤ ᠳᠦᠰᠦᠭᠡᠯᠡᠭᠦ ᠪᠠᠷ᠂ 2050 ᠣᠨ ᠪᠣᠯᠬᠤ ᠳᠤ ᠢᠠᠲ᠋ᠸᠷ ᠰᠦᠯᠵᠢᠶᠠᠨ ᠤ ᠵᠤᠬᠢᠶᠠᠮᠠᠯ ᠶᠡᠭᠡ ᠳᠠᠷᠢᠭᠢ ᠶᠢ ᠵᠤᠬᠢᠶᠠᠨ ᠭᠠᠷᠭᠠᠬᠤ ᠪᠣᠯᠤᠨ᠎ᠠ᠃ ᠳᠡᠭᠡᠪᠠᠯ ᠢᠷᠡᠭᠡᠳᠦᠢ ᠶᠢᠨ 30 ᠵᠢᠯ ᠳᠤ ᠢᠠᠲ᠋ᠸᠷ ᠰᠦᠯᠵᠢᠶ᠎ᠠ ᠨᠢ ᠶᠠᠮᠠᠷ ᠰᠢᠤᠬᠠᠨ ᠪᠣᠯᠵᠤ ᠬᠤᠪᠢᠷᠠᠳᠠᠭ ᠪᠣᠯ︖
ᠢᠠᠲ᠋ᠸᠷ ᠰᠦᠯᠵᠢᠶᠠᠨ ᠤ 《ᠰᠦᠷ ᠭᠦᠴᠤᠨ》
IBM ᠤᠨ ᠳᠦᠰᠦᠭᠡᠯᠡᠭᠦ ᠪᠠᠷ᠂ ᠠᠪᠢᠶ᠎ᠠ ᠪᠠᠷ ᠶᠠᠷᠢᠯᠴᠠᠬᠤ ᠳᠤᠤᠷ ᠰᠦᠯᠵᠢᠶᠠᠨ ᠤ ᠮᠡᠷᠭᠡᠵᠢᠯ ᠤᠨ ᠪᠣᠯᠪᠠᠰᠤᠷᠠᠩᠭ᠋ᠤᠢ ᠪᠣᠯᠬᠤ ᠶᠢ ᠳᠠᠭᠠᠯᠳᠤᠨ᠂ ᠬᠤᠵᠢᠮ ᠤᠨ 5 ᠵᠢᠯ ᠳᠤ ᠭᠦᠮᠦᠰ ᠦᠪᠡᠷ ᠤᠨ ᠥᠭᠡ ᠭᠡᠯᠡ ᠪᠠᠷ ᠶᠢᠡᠷ ᠶᠢᠡᠨ ᠢᠠᠲ᠋ᠸᠷ ᠰᠦᠯᠵᠢᠶᠠᠨ ᠳᠡᠭᠡᠷ᠎ᠡ ᠶᠠᠷᠢᠯᠴᠠᠵᠤ᠂ ᠥᠰᠦᠭ᠌ ᠪᠢᠴᠢᠭ᠌ ᠶᠢᠡᠷ ᠶᠠᠷᠢᠯᠴᠠᠬᠤ ᠪᠠᠨ ᠵᠤᠭᠰᠤᠬᠤ ᠪᠣᠯᠤᠨ᠎ᠠ᠂ ᠡᠢ᠌ᠮᠤ ᠡᠴᠡ ᠨᠢᠳᠤ ᠪᠠᠨ ᠴᠢᠯᠠᠳᠠᠯ᠎ᠠ ᠬᠠᠷᠠᠬᠤ ᠪᠣᠶᠤ ᠭᠠᠷ ᠶᠢᠡᠷ ᠶᠢᠡᠨ ᠳᠠᠷᠤᠭᠤᠯ ᠤᠨ ᠳᠤᠪᠴᠢ ᠶᠢ ᠳᠠᠷᠤᠬᠤ ᠶᠠᠪᠣᠳᠠᠯ ᠳᠤ ᠭᠢᠵᠠᠭᠠᠷᠯᠠᠭᠳᠠᠬᠤ ᠦᠭᠡᠶ ᠪᠣᠯᠤᠨ᠎ᠠ᠃ IBM ᠶᠢᠨ ᠨᠡᠢ᠌ᠳᠡᠯᠡᠭ᠍ᠰᠡᠨ ᠬᠠᠮᠤᠭ ᠤᠨ ᠰᠢᠨ᠎ᠠ 《ᠢᠷᠡᠭᠡᠳᠦᠢ ᠶᠢᠨ 5 ᠵᠢᠯ ᠳᠤ 5 ᠵᠣᠢ᠌ᠯ ᠤᠨ ᠰᠢᠨ᠎ᠠ ᠶᠢ ᠡᠭᠦᠦᠡᠭᠦ》 ᠳᠦᠯᠦᠪᠯᠡᠭᠡ ᠳᠤ ᠢᠯᠡᠷᠭᠡᠢ᠌ᠯᠡᠭ᠍ᠰᠡᠨ ᠶᠢᠡᠷ᠄ ᠳᠤᠰ ᠺᠤᠮᠫᠠᠨᠢ ᠶᠢᠨ ᠨᠡᠭᠡᠭᠡᠨ ᠭᠦᠭ᠍ᠵᠢᠭᠦᠯᠦᠭ᠍ᠰᠡᠨ ᠨᠢᠭᠡ ᠵᠣᠢ᠌ᠯ ᠤᠨ ᠠᠪᠢᠶ᠎ᠠ ᠪᠠᠷ ᠶᠠᠷᠢᠯᠴᠠᠬᠤ ᠳᠤᠤᠷ ᠰᠦᠯᠵᠢᠶᠠᠨ ᠤ ( SpokenWeb ) ᠮᠡᠷᠭᠡᠵᠢᠯ ᠳᠤ᠂ ᠭᠦᠮᠦᠰ ᠭᠠᠷ ᠣᠳᠠᠰᠤ ᠪᠠᠷ ᠰᠦᠯᠵᠢᠶᠠᠨ ᠳᠡᠭᠡᠷ᠎ᠡ ᠭᠠᠷᠤᠨ ᠶᠠᠷᠢᠯᠴᠠᠵᠤ᠂ ᠡᠭᠦᠨ ᠶᠢᠡᠷ ᠳᠠᠮᠵᠢᠨ ᠪᠦᠭᠦ ᠪᠦᠮᠪᠦᠷᠴᠡᠭ᠌ ᠤᠨ 10 ᠳ᠋ᠦ᠋ᠩᠰᠢᠭᠤᠷ ᠭᠡᠷᠡᠭᠯᠡᠭ᠍ᠴᠢᠳ ᠺᠤᠮᠫᠢᠦ᠋ᠲ᠋ᠧᠷ ᠭᠡᠷᠡᠭᠯᠡᠭᠦ ᠦᠭᠡᠶ ᠪᠠᠷ ᠢᠨᠲ᠋ᠧᠷ ᠰᠦᠯᠵᠢᠶᠠᠨ ᠳᠤ ᠭᠠᠷᠬᠤ ᠪᠣᠯᠤᠨ᠎ᠠ ᠭᠡᠵᠡᠢ᠃
ᠰᠦᠯᠵᠢᠶᠠᠨ ᠳᠡᠭᠡᠷ᠎ᠡ ᠶᠠᠷᠢᠯᠴᠠᠬᠤ ᠨᠢ ᠪᠣᠳᠠᠳᠤ ᠶᠠᠪᠣᠳᠠᠯ ᠪᠣᠯᠵᠤ ᠪᠠᠶᠡᠯᠡᠭ᠍ᠳᠡᠨᠡ
IBM ᠶᠢᠨ ᠳᠤᠮᠳᠠᠳᠤ ᠣᠯᠤᠰ ᠤᠨ ᠰᠤᠳᠤᠯᠭᠠᠨ ᠤ ᠭᠦᠷᠢᠶᠡᠯᠡᠩ ᠤᠨ ᠳᠠᠷᠤᠭ᠎ᠠ ᠯᠢ ᠱᠢ ᠭᠦᠩ ᠤᠨ ᠳᠠᠨᠢᠯᠴᠠᠭᠤᠯᠬᠤ ᠪᠠᠷ᠂ 《ᠠᠪᠢᠶ᠎ᠠ ᠪᠠᠷ ᠶᠠᠷᠢᠯᠴᠠᠬᠤ ᠳᠤᠤᠷ ᠰᠦᠯᠵᠢᠶ᠎ᠠ》 ᠨᠢ ᠡᠡᠭ᠌ ᠤᠨ ᠳᠤᠤᠷ ᠰᠦᠯᠵᠢᠶᠠᠨ ᠤ ᠥᠷᠳᠡᠭᠡ ᠲᠡᠶ ᠠᠳᠠᠯᠢᠪᠳᠤᠷ ᠪᠠᠢ᠌ᠳᠠᠭ ᠴᠤ ᠣᠳᠠᠰᠤ ᠪᠠᠷ ᠳᠠᠮᠵᠢᠨ ᠰᠤᠷᠪᠣᠯᠵᠢᠯᠠᠨ ᠶᠠᠷᠢᠯᠴᠠᠵᠤ ᠪᠣᠯᠳᠠᠭ᠃ ᠭᠦᠮᠦᠰ ᠣᠳᠤ ᠶᠢᠨ ᠪᠠᠢ᠌ᠭ᠎ᠠ ᠣᠳᠠᠰᠤᠨ ᠰᠦᠯᠵᠢᠶᠠᠨ ᠳᠡᠭᠡᠷ᠎ᠡ ᠥᠭᠡ ᠶᠠᠷᠢᠪᠠᠯ ᠳᠤᠤᠷ ᠰᠦᠯᠵᠢᠶᠠᠨ ᠳᠡᠭᠡᠷᠡᠭᠢ ᠶᠢ ᠦᠵᠡᠵᠤ ᠰᠤᠨᠤᠰᠤᠨ᠂ ᠴᠢᠨᠠᠭᠰᠢᠯᠠᠨ ᠠᠷᠠᠯᠵᠢᠶ᠎ᠠ ᠭᠢᠵᠤ ᠪᠣᠯᠤᠨ᠎ᠠ᠃ Google ᠺᠤᠮᠫᠠᠨᠢ ᠶᠢᠨ ᠰᠤᠳᠤᠯᠤᠨ ᠢᠯᠡᠷᠡᠭᠦᠯᠦᠭ᠍ᠰᠡᠨ ᠨᠢᠭᠡ ᠵᠣᠢ᠌ᠯ ᠤᠨ ᠮᠡᠷᠭᠡᠵᠢᠯ ᠨᠢ ᠭᠦᠮᠦᠰ ᠢ ᠳᠦᠷᠭᠡᠨ ᠬᠠᠢ᠌ᠯᠳᠠ ᠪᠠᠷ ᠶᠠᠷᠢᠯᠴᠠᠭᠤᠯᠬᠤ ᠪᠣᠯᠤᠨ᠎ᠠ᠃
ᠯᠢ ᠱᠢ ᠭᠦᠩ ᠄ 《ᠭᠦᠮᠤᠨ ᠵᠥᠪᠭᠡᠨ ᠳᠠᠭᠤ ᠴᠢᠮᠡᠭᠡ ᠪᠠᠷ ᠬᠠᠢ᠌ᠯᠳᠠ ᠭᠢᠵᠤ ᠪᠣᠯᠬᠤ ᠪᠣᠶᠤ ᠡᠰᠡᠭᠦᠯ᠎ᠡ ᠵᠥᠪᠭᠡᠨ ᠨᠢᠭᠡ ᠵᠣᠢ᠌ᠯ ᠤᠨ ᠡᠡᠭ᠌ ᠤᠨ ᠥᠭᠡ ᠶᠠᠷᠢᠶ᠎ᠠ ᠶᠢ ᠣᠷᠤᠭᠤᠯᠪᠠᠯ ᠳᠠᠷᠤᠢ ᠯᠠᠪᠯᠠᠨ ᠠᠰᠠᠭᠤᠵᠤ ᠪᠣᠯᠤᠨ᠎ᠠ᠃ ᠬᠠᠷᠢᠨ ᠣᠳᠤᠬᠠᠨ ᠤ ᠰᠢᠭ ᠭᠠᠷ ᠳᠠᠭᠢ ᠠᠵᠢᠯ ᠶᠢᠡᠨ ᠬᠠᠶᠠᠭᠠᠤᠨ ᠵᠠᠩᠭᠢᠯᠠᠭ᠎ᠠ ᠶᠢᠨ ᠥᠰᠦᠭ᠌ ᠢ ᠴᠤᠭᠢᠵᠤ ᠣᠷᠤᠭᠤᠯᠤᠨ ᠬᠠᠢ᠌ᠯᠳᠠ ᠭᠢᠭᠦ ᠶᠠᠪᠣᠳᠠᠯ ᠦᠭᠡᠶ ᠪᠣᠯᠤᠨ᠎ᠠ》 ᠭᠡᠵᠤ ᠭᠡᠯᠡᠭ᠍ᠰᠡᠨ ᠪᠠᠢ᠌ᠳᠠᠭ᠃
ᠣᠢ᠌ᠯᠠᠭᠠᠭᠰᠠᠨ ᠶᠢᠡᠷ᠂ ᠰᠤᠶᠤᠯ ᠤᠨ ᠪᠠᠯᠠᠢ ᠪᠣᠯᠤᠨ ᠺᠤᠮᠫᠢᠦ᠋ᠲ᠋ᠧᠷ ᠤᠨ ᠮᠡᠳᠡᠯᠭᠡ ᠪᠠᠷ ᠳᠤᠳᠠᠮᠠᠭ ᠡᠴᠡ ᠪᠣᠯᠵᠤ᠂ ᠣᠳᠤᠬᠠᠨ ᠳᠤ ᠪᠦᠭᠦ ᠳᠡᠯᠡᠭᠡᠢ ᠶᠢᠨ ᠭᠦᠮᠤᠨ ᠤ 17% ᠨᠢ ᠯᠠ ᠢᠠᠲ᠋ᠸᠷ ᠰᠦᠯᠵᠢᠶᠠᠨ ᠳᠤ ᠭᠠᠷᠴᠤ ᠪᠠᠢ᠌ᠨ᠎ᠠ᠃ ᠡᠢ᠌ᠮᠤ ᠡᠴᠡ ᠠᠪᠢᠶᠠᠨ ᠤ ᠳᠤᠤᠷ ᠰᠦᠯᠵᠢᠶ᠎ᠠ ᠨᠢ ᠳᠡᠳᠡᠭᠡᠷ ᠳᠤᠤᠷ ᠰᠦᠯᠵᠢᠶᠠᠨ ᠤ ᠰᠠᠭᠤᠷᠢ ᠳᠦᠭᠦᠭᠡᠷᠦᠮᠵᠢ ᠶᠢᠨ ᠭᠦᠭ᠍ᠵᠢᠯᠳᠡ ᠶᠢᠨ ᠬᠤᠭᠤᠴᠠᠭᠠᠨ ᠳᠤ ᠪᠠᠢ᠌ᠭ᠎ᠠ ᠣᠯᠤᠰ ᠤᠨ ᠭᠦᠮᠦᠰ᠂ ᠵᠡᠮᠳᠡᠭ᠌ ᠭᠦᠮᠤᠨ ᠪᠣᠯᠤᠨ ᠣᠩᠰᠢᠵᠤ ᠪᠢᠴᠢᠭᠦ ᠴᠢᠳᠠᠪᠣᠷᠢ ᠦᠭᠡᠶ ᠭᠦᠮᠦᠰ ᠤᠨ ᠳᠤᠤᠷ ᠰᠦᠯᠵᠢᠶᠠᠨ ᠳᠤ ᠭᠠᠷᠬᠤ ᠳᠤ ᠶᠡᠭᠡᠳᠡ ᠳᠦᠭᠦᠮ ᠥᠵᠡᠭᠦᠯᠭᠦ ᠶᠤᠮ᠃
ᠭᠠᠵᠠᠷ ᠪᠣᠯᠭᠠᠨ ᠳᠤ ᠢᠠᠲ᠋ᠸᠷ ᠰᠦᠯᠵᠢᠶ᠎ᠠ ᠲᠡᠶ ᠪᠣᠯᠤᠨ᠎ᠠ
ᠣᠢ᠌ᠷ᠎ᠠ ᠶᠢᠨ ᠡᠳᠦᠷ᠂ ᠠᠵᠤ ᠣᠢ᠌ᠯᠠᠤᠠᠪᠣᠷᠢ ᠪᠣᠯᠤᠨ ᠮᠡᠳᠡᠭᠡ ᠵᠠᠩᠭᠢᠵᠢᠯᠳᠠ ᠶᠢᠨ ᠶᠠᠮᠤᠨ ᠤ ᠳᠠᠷᠤᠭ᠎ᠠ ᠯᠢ ᠡᠢ ᠵᠦᠩ᠂ ᠡᠨᠡ ᠵᠢᠯ ᠤᠨ ᠡᠴᠦᠰ ᠪᠣᠶᠤ ᠳᠠᠷᠠᠭ᠎ᠠ ᠵᠢᠯ ᠤᠨ ᠡᠭᠢ ᠪᠠᠷ 3G ᠫᠠᠢ᠌ᠰᠠ ᠳᠡᠮᠳᠡᠭ᠌ ᠢ ᠳᠠᠷᠬᠠᠭᠠᠬᠤ ᠪᠣᠯᠤᠨ᠎ᠠ᠃ 3G ᠨᠡᠪᠳᠡᠷᠡᠭ᠍ᠰᠡᠨ ᠪᠠᠢ᠌ᠳᠠᠯ ᠳᠤᠤᠷ᠎ᠠ᠂ ᠭᠠᠷ ᠣᠳᠠᠰᠤ ᠪᠣᠯᠤᠨ PC ᠳᠠᠪᠴᠠᠩ ᠤᠨ ᠨᠡᠢ᠌ᠯᠡᠭᠦ ᠶᠢ ᠳᠠᠭᠠᠯᠳᠤᠨ᠂ ᠰᠢᠯᠵᠢᠭᠡ ᠢᠠᠲ᠋ᠸᠷ ᠰᠦᠯᠵᠢᠶᠠᠨ ᠤ ᠴᠠᠭ ᠦᠶ᠎ᠡ ᠵᠢᠩᠭᠢᠨᠢ ᠪᠠᠷ ᠭᠦᠷᠴᠤ ᠢᠷᠡᠭᠦ ᠪᠣᠯᠤᠨ᠎ᠠ ᠭᠡᠵᠤ ᠳᠤᠳᠤᠷᠬᠠᠢ ᠶᠠᠷᠢᠭᠰᠠᠨ ᠪᠠᠢ᠌ᠨ᠎ᠠ᠃
ᠳᠡᠯᠡᠭᠡᠢ ᠶᠢᠨ ᠯᠠᠪᠯᠠᠯᠭ᠎ᠠ ᠶᠢᠨ ᠵᠠᠳᠠᠯᠤᠭᠴᠢ ᠭᠦᠸᠧ ᠴᠠᠩ᠄ 《ᠦᠨᠦᠳᠤᠷ ᠤᠨ ᠰᠢᠯᠵᠢᠭᠡ ᠢᠠᠲ᠋ᠸᠷ ᠰᠦᠯᠵᠢᠶ᠎ᠠ ᠶᠢᠨ ᠣᠯᠠᠩᠭᠢ ᠨᠢ ᠳᠠᠩ ᠭᠠᠭᠴᠠ ᠮᠦᠨ ᠴᠢᠨᠠᠷ ᠪᠦᠭᠦᠢ ᠰᠢᠯᠵᠢᠭᠡ ᠨᠡᠮᠡᠭ᠍ᠳᠡᠯ ᠥᠷᠳᠡᠭ᠌ ᠤᠨ ᠳᠤᠬᠠᠢ᠌ᠯᠠᠭᠰᠠᠨ ᠠᠵᠢᠯ ᠪᠣᠯᠬᠤ ᠪᠣᠶᠤ ᠡᠰᠡᠭᠦᠯ᠎ᠡ ᠵᠥᠪᠭᠡᠨ ᠳᠦᠭᠦᠮ ᠳᠦᠳᠠ ᠪᠠᠷ PC ᠳᠠᠪᠴᠠᠩ ᠳᠡᠭᠡᠷᠡᠭᠢ ᠢᠠᠲ᠋ᠸᠷ ᠰᠦᠯᠵᠢᠶ᠎ᠠ ᠶᠢ ᠭᠠᠷ ᠣᠳᠠᠰᠤᠨ ᠳᠡᠭᠡᠷ᠎ᠡ ᠰᠢᠯᠵᠢᠭᠦᠯᠦᠭ᠍ᠰᠡᠨ ᠳᠠᠳᠤᠢ ᠪᠠᠢ᠌ᠵᠤ᠂ ᠦᠨᠡᠨ ᠳᠡᠭᠡᠷ᠎ᠡ ᠪᠠᠨ ᠰᠢᠯᠵᠢᠭᠡ ᠢᠠᠲ᠋ᠸᠷ ᠰᠦᠯᠵᠢᠶᠠᠨ ᠤ ᠭᠡᠷᠡᠭᠯᠡᠭ᠍ᠴᠢᠳ ᠤᠨ ᠭᠡᠷᠡᠭ᠍ᠴᠡᠭᠡ ᠳᠤ ᠳᠤᠭᠢᠷᠠᠬᠤ ᠦᠭᠡᠶ ᠪᠠᠢ᠌ᠨ᠎ᠠ᠃ ᠭᠡᠳᠡᠯ᠎ᠡ᠂ ᠬᠤᠵᠢᠮ ᠤᠨ ᠷᠠᠳᠢᠣ᠋ ᠢᠠᠲ᠋ᠸᠷ ᠰᠦᠯᠵᠢᠶ᠎ᠠ ᠨᠢ ᠭᠡᠷᠡᠭᠯᠡᠭ᠍ᠴᠢᠳ ᠢ ᠰᠢᠷᠡᠭᠡᠨ ᠳᠡᠭᠡᠷᠡᠭᠢ ᠺᠤᠮᠫᠢᠦ᠋ᠲ᠋ᠧᠷ ᠡᠴᠡ ᠰᠢᠯᠵᠢᠭᠡ ᠢᠠᠲ᠋ᠸᠷ ᠰᠦᠯᠵᠢᠶᠠᠨ ᠳᠤ ᠰᠢᠯᠵᠢᠭᠦᠯᠤᠨ ᠣᠷᠤᠭᠤᠯᠬᠤ ᠪᠣᠯᠤᠨ᠎ᠠ》 ᠭᠡᠵᠤ ᠭᠡᠯᠡᠪᠡ᠃
ᠢᠷᠡᠭᠡᠳᠦᠢ ᠳᠤ᠂ ᠳᠠ ᠵᠤᠴᠢᠳ ᠤᠨ ᠪᠠᠭᠤᠳᠠᠯ ᠤᠨ ᠨᠢᠭᠡᠨ ᠥᠷᠦᠭᠡᠨ ᠳᠤ ᠣᠷᠤᠵᠤ ᠰᠠᠭᠤᠬᠤ ᠳᠤ ᠳᠠᠨ ᠤ ᠭᠠᠷ ᠣᠳᠠᠰᠤᠨ ᠳᠡᠭᠡᠷ᠎ᠡ ᠳᠠᠷᠤᠢ ᠳ᠋ᠤᠨᠢ ᠳᠤᠰ ᠥᠷᠦᠭᠡᠨ ᠤ ᠨᠤᠮᠸᠷ ᠢ ᠪᠠᠭᠳᠠᠭᠠᠭᠰᠠᠨ ᠨᠠᠷᠢᠯᠢᠭ ᠴᠢᠮᠡᠭᠡ ᠵᠠᠩᠭᠢ ᠣᠷᠤᠵᠤ ᠢᠷᠡᠭᠦ ᠪᠣᠯᠤᠨ᠎ᠠ᠃ ᠡᠭᠦᠨ ᠤ ᠬᠠᠮᠳᠤ᠂ ᠳᠠᠨ ᠤ ᠭᠠᠷ ᠣᠳᠠᠰᠤ ᠨᠢ ᠮᠦᠨ ᠳᠠᠨ ᠤ ᠠᠯᠪᠠᠨ ᠪᠢᠴᠢᠭ᠌ ᠤᠨ ᠪᠣᠭᠴᠤ᠂ ᠮᠠᠰᠢᠨ ᠳᠡᠷᠭᠡᠨ ᠤ ᠳᠦᠯᠭᠢᠭᠦᠷ ᠪᠣᠯᠤᠨ ᠨᠢᠳᠤᠨ ᠰᠢᠯ ᠤᠨ RFID ᠤᠨ ᠳᠡᠮᠳᠡᠭ᠌ ᠤᠨ ᠣᠷᠤᠨ ᠪᠠᠢ᠌ᠷᠢ ᠶᠢ ᠮᠦᠷᠳᠠᠨ ᠳᠠᠭᠠᠬᠤ ᠪᠣᠯᠤᠨ᠎ᠠ᠃ ᠡᠳᠡᠭᠡᠷ ᠪᠣᠯ ᠭᠡᠢ ᠰᠠᠨᠠᠭᠠᠰᠢᠷᠠᠯ ᠪᠣᠰᠤ᠂ ᠬᠠᠷᠢᠨ ᠣᠳᠠᠯ ᠦᠭᠡᠶ ᠪᠠᠶᠡᠯᠡᠭ᠍ᠳᠡᠭᠦ ᠪᠣᠳᠠᠳᠤ ᠶᠠᠪᠣᠳᠠᠯ ᠪᠣᠯᠬᠤ ᠶᠤᠮ᠃
ᠪᠧᠢ᠌ᠯ · ᠭᠠᠢ᠌ᠲ᠋ᠸᠰ ᠢᠷᠡᠭᠡᠳᠦᠢ ᠶᠢᠨ ᠳᠡᠯᠡᠭᠡᠢ ᠶᠢᠷᠳᠢᠠᠴᠤ ᠳᠤ 《ᠭᠠᠵᠠᠷ ᠪᠣᠯᠭᠠᠨ ᠳᠤ ᠺᠤᠮᠫᠢᠦ᠋ᠲ᠋ᠧᠷ ᠲᠡᠶ》 ᠪᠣᠯᠤᠨ᠎ᠠ ᠭᠡᠵᠤ ᠭᠡᠯᠡᠭ᠍ᠰᠡᠨ ᠪᠠᠢ᠌ᠳᠠᠭ᠃ ᠣᠳᠤᠬᠠᠨ ᠤ ᠮᠡᠷᠭᠡᠵᠢᠯ ᠤᠨ ᠭᠦᠭ᠍ᠵᠢᠯᠳᠡ ᠶᠢᠨ ᠬᠠᠠᠳᠤᠰᠢ ᠡᠴᠡ ᠦᠵᠡᠪᠠᠯ᠂ ᠡᠨᠡᠭᠦ ᠭᠦᠰᠡᠯ ᠵᠡᠭᠦᠳᠤ ᠨᠢ ᠯᠠᠪᠳᠠᠢ ᠪᠠᠶᠡᠯᠡᠭ᠍ᠳᠡᠭᠦ ᠶᠤᠮ᠃ ᠢᠷᠡᠭᠡᠳᠦᠢ ᠳᠤ ᠭᠦᠮᠤᠨ ᠪᠠᠢ᠌ᠭ᠎ᠠ ᠭᠠᠵᠠᠷ ᠪᠦᠭᠦᠨ ᠳᠤ ᠢᠠᠲ᠋ᠸᠷ ᠰᠦᠯᠵᠢᠶ᠎ᠠ ᠲᠡᠶ ᠪᠣᠯᠤᠨ᠎ᠠ᠃ ᠮᠠᠨ ᠤ ᠠᠮᠢᠳᠤᠷᠠᠯ ᠳᠤᠮᠳᠠᠭᠢ ᠳᠣᠢ᠌ᠯ ᠤᠨ ᠠᠷᠪᠢᠨ ᠭᠡᠷᠡᠭ᠍ᠴᠡᠭᠡ ᠲᠡᠶ ᠵᠣᠢ᠌ᠯ᠂ ᠳᠠᠷᠤᠢ ᠳᠸᠯᠸᠢᠰ᠂ ᠭᠦᠯᠳᠡᠭᠡᠭᠦᠷ᠂ ᠬᠤᠪᠴᠠᠰᠤ ᠣᠭᠢᠶᠠᠬᠤ ᠮᠠᠰᠢᠨ᠂ ᠪᠢᠴᠢᠯ ᠳᠤᠯᠭᠢᠶᠠᠠᠳᠤ ᠵᠤᠤᠬ᠎ᠠ ᠵᠡᠷᠭᠡ ᠨᠢ ᠪᠦᠷ ᠢᠠᠲ᠋ᠧᠷ ᠰᠦᠯᠵᠢᠶᠠᠨ ᠳᠤ ᠣᠷᠤᠬᠤ ᠪᠣᠯᠤᠨ᠎ᠠ ᠭᠡᠵᠤ ᠳᠤᠬᠠᠢ᠌ᠯᠠᠭᠰᠠᠨ ᠠᠵᠢᠯ ᠤᠨ ᠮᠡᠷᠭᠡᠵᠢᠯᠳᠡᠨ ᠵᠢᠭᠠᠵᠤ ᠭᠠᠷᠭᠠᠭᠰᠠᠨ ᠪᠠᠢ᠌ᠨ᠎ᠠ᠃
ᠳᠤᠮᠳᠠᠳᠤ ᠣᠯᠤᠰ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠭᠡᠢ᠌ᠰᠪᠦᠷᠢ ᠠᠵᠤ ᠠᠬᠤᠢ ᠭᠢᠭᠡᠤᠨ ᠳᠤᠭ᠎ᠠ ᠪᠠᠷᠢᠮᠳᠠ ᠶᠢᠨ ᠰᠢᠡᠵᠢᠯᠡᠭᠦ ᠣᠬᠠᠭᠠᠨ ᠤ ᠰᠤᠳᠤᠯᠤᠯ ᠤᠨ ᠲᠦᠪ ᠤᠨ ᠵᠤᠴᠢᠮᠠᠤᠨ ᠰᠤᠳᠤᠯᠤᠭᠴᠢ ᠯᠢᠤ ᠹᠧᠩ ᠄ 《ᠬᠤᠵᠢᠮ ᠤᠨ ᠭᠡᠳᠤᠨ ᠵᠢᠯ ᠳᠤ᠂ ᠢᠠᠲ᠋ᠸᠷ ᠰᠦᠯᠵᠢᠶ᠎ᠠ ᠨᠢ ᠳᠤᠭᠳᠠᠮᠠᠯ ᠢᠠᠳᠠᠷ ᠰᠦᠯᠵᠢᠶᠠᠨ ᠤ ᠴᠠᠭ ᠦᠶ᠎ᠡ ᠡᠴᠡ ᠪᠠᠨ ᠷᠠᠳᠢᠣ᠋ ᠢᠠᠲ᠋ᠸᠷ ᠰᠦᠯᠵᠢᠶᠠᠨ ᠤ ᠴᠠᠭ ᠦᠶ᠎ᠡ ᠳᠠᠰᠢ ᠵᠢᠩᠭᠢᠨᠢ ᠪᠠᠷ ᠰᠢᠯᠵᠢᠵᠤ᠂ ᠭᠠᠷ ᠣᠳᠠᠰᠤ ᠨᠢ ᠪᠣᠭᠴᠤᠨ ᠺᠤᠮᠫᠢᠦ᠋ᠲ᠋ᠧᠷ ᠲᠡᠶ ᠨᠠᠢ᠌ᠯᠠᠨ᠂ ᠷᠠᠳᠢᠣ᠋ ᠮᠡᠳᠡᠭᠡᠯᠡᠯ ᠤᠨ ᠬᠤᠷᠳᠤᠴᠠ ᠳᠠᠰᠤᠷᠠᠯᠳᠠ ᠦᠭᠡᠶ ᠰᠠᠢ᠌ᠵᠢᠷᠠᠵᠤ᠂ ᠭᠦᠮᠦᠰ ᠭᠡᠵᠢᠶ᠎ᠡ ᠬᠠᠮᠢᠭ᠎ᠠ ᠭᠡᠰᠡᠨ ᠦᠭᠡᠶ ᠷᠠᠳᠢᠣ᠋ ᠺᠤᠮᠫᠢᠦ᠋ᠲ᠋ᠧᠷ ᠤᠨ ᠳᠦᠭᠦᠭᠡᠷᠦᠮᠵᠢ ᠪᠠᠷ ᠳᠠᠮᠵᠢᠨ ᠰᠦᠯᠵᠢᠶᠠᠨ ᠳᠤ ᠭᠠᠷᠴᠤ᠂ ᠴᠢᠮᠡᠭᠡ ᠵᠠᠩᠭᠢ ᠣᠯᠤᠨ᠂ ᠪᠠᠷᠠᠭ᠎ᠠ ᠳᠠᠸᠠᠷ ᠬᠤᠳᠠᠯᠳᠤᠨ ᠠᠪᠴᠤ᠂ ᠵᠤᠬᠢᠶᠠᠮᠠᠯ ᠵᠤᠭᠤᠰ ᠪᠣᠶᠤ ᠪᠠᠩᠭᠢ ᠳ᠋ᠠᠭᠢ ᠵᠤᠭᠤᠰ ᠶᠢᠡᠨ ᠳᠤᠰᠢᠶᠠᠬᠤ ᠥᠢᠯᠡᠴᠢᠯᠡᠭᠡ ᠭᠢᠯᠭᠡᠭᠦ ᠪᠣᠯᠤᠨ᠎ᠠ》 ᠭᠡᠵᠤ ᠭᠡᠯᠡᠭ᠍ᠰᠡᠨ ᠪᠠᠢ᠌ᠨ᠎ᠠ᠃ IT ᠵᠠᠬ᠎ᠠ ᠳᠡᠯᠭᠡᠭᠦᠷ ᠢ ᠰᠤᠳᠤᠯᠬᠤ ᠺᠤᠮᠫᠠᠨᠢ ᠶᠢᠨ IDC ᠪᠠᠢ᠌ᠴᠠᠭᠠᠨ ᠰᠤᠳᠤᠯᠤᠭᠰᠠᠨ ᠳᠤᠭ᠎ᠠ ᠪᠠᠷᠢᠮᠳᠠ ᠨᠢ ᠡᠨᠡᠭᠦ ᠭᠡᠯᠡᠯᠭᠡ ᠶᠢ ᠭᠡᠷᠡᠴᠢᠯᠡᠪᠡ᠃ ᠳᠤᠰ ᠺᠤᠮᠫᠠᠨᠢ ᠶᠢᠨ ᠪᠠᠢ᠌ᠴᠠᠭᠠᠨ ᠰᠤᠳᠤᠯᠤᠭᠰᠠᠨ ᠮᠡᠳᠡᠭᠦᠯᠦᠯᠳᠡ ᠳᠤ ᠢᠯᠡᠷᠭᠡᠢ᠌ᠯᠡᠭ᠍ᠰᠡᠨ ᠶᠢᠡᠷ᠂ ᠢᠷᠡᠭᠡᠳᠦᠢ ᠳᠤ᠂ ᠪᠦᠭᠦ ᠪᠦᠮᠪᠦᠷᠴᠡᠭ᠌ ᠤᠨ ᠢᠠᠲ᠋ᠸᠷ ᠰᠦᠯᠵᠢᠶ᠎ᠠ ᠭᠡᠷᠡᠭᠯᠡᠭᠦ ᠭᠦᠮᠤᠨ ᠤ ᠳᠤᠭ᠎ᠠ ᠳᠠᠭᠢᠨ ᠶᠢᠡᠷ ᠨᠡᠮᠡᠭ᠍ᠳᠡᠵᠤ᠂ ᠴᠢᠨᠠᠭᠰᠢᠯᠠᠨ ᠢᠠᠲ᠋ᠸᠷ ᠰᠦᠯᠵᠢᠶ᠎ᠠ ᠨᠢ ᠭᠦᠮᠤᠨ ᠲᠦᠷᠦᠯᠭᠢᠳᠠᠨ ᠤ ᠠᠮᠢᠳᠤᠷᠠᠯ ᠳᠤ ᠳᠤᠳᠠᠭᠳᠠᠵᠤ ᠪᠣᠯᠤᠰᠢ ᠦᠭᠡᠶ ᠴᠢᠬᠤᠯᠠ ᠪᠦᠷᠢᠯᠳᠦᠭᠦᠨ ᠭᠡᠰᠡᠭ᠌ ᠪᠣᠯᠬᠤ ᠶᠤᠮ᠃
ᠣᠳᠤᠬᠠᠨ ᠳᠤ ᠪᠦᠭᠦ ᠪᠦᠮᠪᠦᠷᠴᠡᠭ᠌ ᠤᠨ ᠰᠦᠯᠵᠢᠶᠠᠨ ᠤ ᠠᠷᠠᠤᠨ ᠤᠨ ᠣᠯᠠᠩᠭᠢ ᠨᠢ ᠺᠤᠮᠫᠢᠦ᠋ᠲ᠋ᠧᠷ ᠶᠢᠡᠷ ᠳᠠᠮᠵᠢᠨ ᠰᠦᠯᠵᠢᠶᠠᠨ ᠳᠤ ᠭᠠᠷᠴᠤ ᠪᠠᠢ᠌ᠨ᠎ᠠ᠂ 2012 ᠣᠨ ᠪᠣᠯᠬᠤ ᠳᠤ ᠰᠢᠯᠵᠢᠭᠡ ᠬᠤᠯᠪᠣᠭ᠎ᠠ ᠪᠠᠷ ᠰᠦᠯᠵᠢᠶᠠᠨ ᠳᠤ ᠭᠠᠷᠬᠤ ᠶᠠᠪᠣᠳᠠᠯ ᠨᠢ ᠭᠤᠤᠯ ᠪᠣᠯᠬᠤ ᠰᠦᠯᠵᠢᠶᠠᠨ ᠳᠤ ᠭᠠᠷᠬᠤ ᠠᠷᠭ᠎ᠠ ᠭᠡᠮᠵᠢᠶ᠎ᠡ ᠪᠣᠯᠵᠤ᠂ 2012 ᠣᠨ ᠪᠣᠯᠬᠤ ᠳᠤ ᠪᠦᠭᠦ ᠪᠦᠮᠪᠦᠷᠴᠡᠭ᠌ ᠤᠨ ᠰᠢᠯᠵᠢᠭᠡ ᠬᠤᠯᠪᠣᠭ᠎ᠠ ᠪᠠᠷ ᠰᠦᠯᠵᠢᠶᠠᠨ ᠳᠤ ᠭᠠᠷᠬᠤ ᠰᠦᠯᠵᠢᠶᠠᠨ ᠤ ᠠᠷᠠᠤᠨ ᠤᠨ ᠳᠤᠭ᠎ᠠ 15 ᠳ᠋ᠦ᠋ᠩᠰᠢᠭᠤᠷ ᠲᠤ ᠭᠦᠷᠭᠦ ᠪᠣᠯᠤᠨ᠎ᠠ᠃
ᠢᠠᠲ᠋ᠸᠷ ᠰᠦᠯᠵᠢᠶ᠎ᠠ ᠳᠠᠰᠤᠷᠠᠯᠳᠠ ᠦᠭᠡᠶ ᠣᠯᠠᠷᠢᠨ ᠬᠤᠪᠢᠰᠬᠤ ᠪᠣᠯᠤᠨ᠎ᠠ
《ᠢᠠᠲ᠋ᠸᠷ ᠰᠦᠯᠵᠢᠶᠠᠨ ᠤ ᠭᠦᠭ᠍ᠵᠢᠯᠳᠡ ᠨᠢ ᠡᠮᠭᠢ ᠵᠠᠮᠪᠠᠷᠠᠭ᠎ᠠ ᠦᠭᠡᠶ ᠪᠢᠰᠢ ᠶᠤᠮ᠂ ᠢᠠᠲ᠋ᠧᠷ ᠰᠦᠯᠵᠢᠶᠠᠨ ᠤ ᠡᠭᠦᠰᠦᠯᠳᠡ ᠪᠣᠯᠤᠨ ᠣᠯᠠᠷᠢᠨ ᠬᠤᠪᠢᠰᠤᠯᠳᠠ ᠶᠢᠨ ᠬᠠᠮᠤᠭ ᠡᠴᠦᠰ ᠤᠨ ᠵᠤᠷᠢᠯᠭ᠎ᠠ ᠨᠢ ᠭᠦᠮᠤᠨ ᠳᠦᠷᠦᠯᠭᠡᠢ᠌ᠳᠡᠨ ᠤ ᠶᠡᠭᠡ ᠳᠠᠷᠢᠭᠢ ᠶᠢ ᠭᠦᠢᠴᠡᠳ ᠰᠥᠯᠵᠢᠶᠡᠵᠢᠭᠦᠯᠭᠦ ᠪᠣᠯᠤᠨ᠎ᠠ᠂ ᠡᠨᠡᠭᠦ ᠵᠤᠷᠢᠯᠭ᠎ᠠ ᠶᠢᠨ ᠭᠦᠴᠦᠷᠭᠡᠭ᠌ ᠶᠡᠭᠡ ᠳᠠᠢ᠌ᠴᠢᠯᠠᠯ ᠳᠤᠤᠷ᠎ᠠ ᠢᠠᠲ᠋ᠸᠷ ᠰᠦᠯᠵᠢᠶ᠎ᠠ ᠨᠢ ᠳᠠᠰᠤᠷᠠᠯᠳᠠ ᠦᠭᠡᠶ ᠪᠠᠷ 〈ᠦᠪᠡᠷ ᠤᠨ ᠣᠬᠠᠮᠰᠠᠷ〉 ᠡᠴᠡ ᠪᠠᠨ ᠣᠷᠤᠭᠰᠢ ᠭᠦᠭ᠍ᠵᠢᠭᠦ ᠶᠤᠮ》 ᠭᠡᠵᠤ ᠯᠢᠤ ᠹᠧᠩ ᠭᠡᠯᠡᠭ᠍ᠰᠡᠨ ᠪᠠᠢ᠌ᠳᠠᠭ᠃ ᠯᠢᠤ ᠹᠧᠩ ᠪᠣᠯ ᠨᠠᠯᠢᠶᠠᠤᠨ ᠡᠷᠳᠡ ᠢᠠᠲ᠋ᠧᠷ ᠰᠦᠯᠵᠢᠶᠠᠨ ᠤ ᠭᠦᠭ᠍ᠵᠢᠯᠳᠡ ᠶᠢ ᠰᠤᠳᠤᠯᠤᠭᠰᠠᠨ ᠡᠷᠳᠡᠮᠳᠡᠨ ᠪᠣᠯᠤᠨ᠎ᠠ᠂ ᠮᠦᠨᠴᠤ ᠢᠠᠲ᠋ᠸᠷ ᠰᠦᠯᠵᠢᠶᠠᠨ ᠤ ᠣᠯᠠᠷᠢᠨ ᠬᠤᠪᠢᠰᠬᠤ ᠣᠨᠤᠯ ᠢ ᠡᠭᠦᠰᠭᠡᠭ᠍ᠴᠢ ᠪᠣᠯᠤᠨ᠎ᠠ᠃ ᠳᠠᠷᠠ 《ᠢᠠᠲ᠋ᠸᠷ ᠰᠦᠯᠵᠢᠶᠠᠨ ᠤ ᠣᠯᠠᠷᠢᠨ ᠬᠤᠪᠢᠰᠬᠤ ᠠᠷᠪᠠᠨ ᠶᠡᠭᠡ ᠠᠰᠠᠭᠤᠳᠠᠯ》 ᠳᠠᠭᠠᠨ ᠠᠩᠬ᠎ᠠ ᠣᠳᠠᠭ᠎ᠠ ᠢᠠᠲ᠋ᠸᠷ ᠰᠦᠯᠵᠢᠶᠠᠨ ᠤ ᠣᠯᠠᠷᠢᠨ ᠬᠤᠪᠢᠰᠬᠤ ᠠᠰᠠᠭᠤᠳᠠᠯ ᠢ ᠳᠤᠷᠠᠳᠤᠨ ᠭᠠᠷᠭᠠᠭᠰᠠᠨ ᠪᠠᠢ᠌ᠨ᠎ᠠ᠃ ᠳᠠᠷᠠ ᠢᠠᠲ᠋ᠸᠷ ᠰᠦᠯᠵᠢᠶᠠᠨ ᠤ ᠭᠦᠭ᠍ᠵᠢᠯᠳᠡ ᠶᠢᠨ ᠡᠯ᠎ᠡ ᠱᠠᠳᠤᠨ ᠤ ᠠᠳᠠᠯᠢ ᠪᠣᠰᠤ ᠣᠠᠴᠠᠯᠢᠭ᠂ ᠢᠠᠲ᠋ᠧᠷ ᠰᠦᠯᠵᠢᠶ᠎ᠠ ᠪᠣᠯᠤᠨ ᠭᠦᠮᠤᠨ ᠲᠦᠷᠦᠯᠭᠢᠳᠠᠨ ᠤ ᠣᠯᠠᠷᠢᠨ ᠬᠤᠪᠢᠰᠬᠤ ᠳᠡᠦᠭᠡ ᠬᠠᠷᠢᠴᠠᠩᠭ᠋ᠤᠢ ᠵᠤᠭᠢᠴᠠᠯᠳᠤᠬᠤ ᠶᠢ ᠦᠨᠳᠦᠰᠦᠯᠠᠵᠤ᠂ ᠢᠠᠲ᠋ᠸᠷ ᠰᠦᠯᠵᠢᠶ᠎ᠠ ᠶᠢ ᠳᠤᠯᠤᠭᠠᠨ ᠮᠥᠴᠡᠯᠭᠡ ᠬᠤᠪᠢᠶᠠᠭᠰᠠᠨ ᠪᠠᠢ᠌ᠨ᠎ᠠ᠃ ᠣᠳᠤ ᠪᠣᠯ ᠳᠦᠷᠪᠠᠳᠦᠭᠡᠷ ᠮᠥᠴᠡᠯᠭᠡ ᠪᠣᠯᠤᠨ᠎ᠠ᠂ ᠡᠨᠡᠭᠦ ᠮᠥᠴᠡᠯᠭᠡ ᠶᠢᠨ ᠬᠠᠮᠤᠭ ᠶᠡᠭᠡ ᠣᠠᠴᠠᠯᠢᠭ ᠪᠣᠯ ᠢᠠᠲ᠋ᠸᠷ ᠰᠦᠯᠵᠢᠶ᠎ᠠ ᠨᠢ ᠴᠢᠮᠡᠭᠡ ᠵᠠᠩᠭᠢ ᠶᠢ ᠬᠠᠷᠠᠮᠵᠢ ᠦᠭᠡᠶ ᠪᠠᠷ ᠬᠠᠮᠳᠤ ᠪᠠᠷ ᠡᠳ᠋ᠯᠡᠭᠦ ᠴᠠᠭ ᠬᠤᠭᠤᠴᠠᠭ᠎ᠠ ᠶᠢ ᠥᠩᠭᠡᠷᠡᠭᠡᠵᠤ᠂ ᠡᠷᠳᠡᠮ ᠮᠡᠳᠡᠯᠭᠡ᠂ ᠣᠶᠤᠨ ᠣᠬᠠᠭᠠᠨ᠂ ᠴᠢᠳᠠᠪᠣᠷᠢ᠂ ᠳᠤᠷᠰᠢᠯᠭ᠎ᠠ ᠪᠠᠨ ᠴᠤ ᠳᠠᠸᠠᠷ ᠪᠣᠯᠭᠠᠨ ᠬᠤᠳᠠᠯᠳᠤᠬᠤ ᠪᠣᠯᠤᠭᠰᠠᠨ ᠪᠠᠢ᠌ᠨ᠎ᠠ᠃ ᠯᠢᠤ ᠹᠧᠩ ᠣᠳᠤᠬᠠᠨ ᠤ ᠢᠠᠲ᠋ᠸᠷ ᠰᠦᠯᠵᠢᠶᠠᠨ ᠤ ᠣᠯᠠᠷᠢᠨ ᠬᠤᠪᠢᠰᠬᠤ ᠬᠤᠷᠳᠤᠴᠠ ᠶᠢ ᠥᠡᠳᠦᠰᠦᠯᠡᠭᠡᠤᠨ᠂ 2017 ᠣᠨ ᠤ ᠦᠶ᠎ᠡ ᠪᠠᠷ ᠢᠠᠲ᠋ᠸᠷ ᠰᠦᠯᠵᠢᠶ᠎ᠠ ᠨᠢ ᠪᠦᠭᠦ ᠳᠠᠯ᠎ᠠ ᠪᠠᠷ ᠭᠡᠢ᠌ᠰᠪᠦᠷᠢ ᠭᠤᠷᠪᠠᠨ ᠭᠡᠮᠵᠢᠯᠳᠤ ᠳᠡᠯᠡᠭᠡᠢ ᠳᠤ ᠣᠷᠤᠵᠤ᠂ ᠪᠢᠳᠠ ᠭᠡᠢ᠌ᠰᠪᠦᠷᠢ ᠳᠡᠯᠡᠭᠡᠢ ᠳᠤ ᠠᠷᠠᠯᠵᠢᠶᠠᠨ ᠤ ᠠᠵᠢᠯᠠᠯᠭ᠎ᠠ ᠭᠢᠭᠦ ᠪᠣᠯᠤᠨ᠎ᠠ ᠭᠡᠵᠤ ᠳᠦᠰᠦᠭᠡᠯᠡᠵᠡᠢ᠃
ᠯᠢᠤ ᠹᠧᠩ ᠪᠠᠰᠠ᠂ 2050 ᠣᠨ ᠤ ᠨᠠᠭᠠᠭᠤᠷ ᠴᠠᠭᠠᠭᠤᠷ᠂ ᠪᠦᠷᠢᠨ ᠳᠡᠭᠦᠯᠳᠡᠷ ᠢᠠᠲ᠋ᠸᠷ ᠰᠦᠯᠵᠢᠶᠠᠨ ᠤ ᠵᠤᠬᠢᠶᠠᠮᠠᠯ ᠶᠡᠭᠡ ᠳᠠᠷᠢᠭᠢ ᠭᠠᠷᠴᠤ ᠢᠷᠡᠭᠦ ᠪᠣᠯᠤᠨ᠎ᠠ᠂ ᠳᠠᠷᠠ ᠨᠢ ᠭᠦᠮᠤᠨ ᠲᠦᠷᠦᠯᠭᠢᠳᠠᠨ ᠤ ᠶᠡᠭᠡ ᠳᠠᠷᠢᠭᠢ ᠶᠢᠨ ᠪᠦᠳᠦᠴᠡ ᠲᠡᠶ ᠳᠣᠢ᠌ᠯ ᠤᠨ ᠳᠦᠰᠦᠭᠡ ᠲᠡᠶ ᠪᠣᠯᠤᠨ᠎ᠠ᠂ ᠢᠠᠲ᠋ᠸᠷ ᠰᠦᠯᠵᠢᠶᠠᠨ ᠤ ᠵᠤᠬᠢᠶᠠᠮᠠᠯ ᠶᠡᠭᠡ ᠳᠠᠷᠢᠭᠢ ᠨᠢ ᠵᠤᠬᠢᠶᠠᠮᠠᠯ ᠮᠠᠳᠠᠷᠠᠯ ᠤᠨ ᠨᠢᠭᠡᠴᠢ᠂ ᠵᠤᠬᠢᠶᠠᠮᠠᠯ ᠭᠦᠳᠡᠯᠭᠡᠭᠡᠨ ᠤ ᠮᠠᠳᠠᠷᠠᠯ ᠤᠨ ᠰᠢᠰᠲ᠋ᠸᠮ᠂ ᠵᠤᠬᠢᠶᠠᠮᠠᠯ ᠪᠠᠶ᠎ᠠ ᠶᠢᠨ ᠰᠠᠷᠠᠯ ᠤᠨ ᠮᠠᠳᠠᠷᠠᠯ ᠤᠨ ᠰᠢᠰᠲ᠋ᠸᠮ᠂ ᠵᠤᠬᠢᠶᠠᠮᠠᠯ ᠬᠠᠷᠠᠭᠠᠨ ᠰᠠᠷᠠᠯ ᠪᠠ ᠰᠤᠨᠤᠷ ᠤᠨ ᠰᠠᠷᠠᠯ ᠤᠨ ᠮᠠᠳᠠᠷᠠᠯ ᠤᠨ ᠰᠢᠰᠲ᠋ᠸᠮ ᠵᠢᠴᠢ ᠵᠤᠬᠢᠶᠠᠮᠠᠯ ᠴᠡᠭᠡᠵᠢᠯᠡᠭᠦ ᠰᠢᠰᠲ᠋ᠸᠮ ᠵᠡᠷᠭᠡ ᠲᠡᠶ ᠪᠣᠯᠤᠨ᠎ᠠ ᠭᠡᠵᠤ ᠳᠦᠰᠦᠭᠡᠯᠡᠵᠤ ᠪᠣᠢ᠃ ᠡᠨᠡ ᠨᠢ ᠮᠠᠨ ᠤ ᠭᠦᠮᠤᠨ ᠲᠦᠷᠦᠯᠭᠢᠳᠠᠨ ᠤ ᠶᠡᠭᠡ ᠳᠠᠷᠢᠭᠢᠨ ᠤ ᠨᠢᠭᠤᠴᠠ ᠶᠢ ᠪᠦᠷᠢᠮᠦᠰᠤᠨ ᠣᠢ᠌ᠯᠠᠭᠠᠭᠠᠳᠤᠢ ᠪᠠᠢ᠌ᠭ᠎ᠠ ᠠᠰᠠᠭᠤᠳᠠᠯ ᠢ ᠰᠢ᠌ᠦᠡᠪᠦᠷᠢᠯᠡᠭᠦ ᠳᠤ ᠴᠢᠬᠤᠯᠠ ᠣᠢ᠌ᠯᠠᠳᠤᠯ ᠥᠵᠡᠭᠦᠯᠭᠦ ᠪᠣᠯᠤᠨ᠎ᠠ᠃ ᠢᠠᠲ᠋ᠸᠷ ᠰᠦᠯᠵᠢᠶ᠎ᠠ ᠲᠡᠶ ᠠᠳᠠᠯᠢᠤᠠᠬᠠᠬᠤ ᠪᠠᠷ ᠳᠠᠮᠵᠢᠨ᠂ ᠭᠦᠮᠤᠨ ᠤ ᠶᠡᠭᠡ ᠳᠠᠷᠢᠭᠢᠨ ᠳᠤ ᠴᠤ ᠭᠠᠵᠠᠷ ᠣᠷᠤᠨ ᠤ ᠳ᠋ᠤᠭᠠᠷᠯᠠᠯ ᠤᠨ ᠰᠢᠰᠲ᠋ᠸᠮ ᠪᠣᠯᠤᠨ ᠮᠡᠳᠡᠭᠡ ᠵᠠᠩᠭᠢ ᠶᠢ ᠬᠠᠢ᠌ᠨ ᠮᠥᠷᠳᠡᠭᠦ ᠭᠦᠳᠡᠯᠭᠡᠭᠦᠷ ᠤᠨ ᠰᠢᠰᠲ᠋ᠸᠮ ᠣᠷᠤᠰᠢᠵᠤ ᠪᠠᠢ᠌ᠬᠤ ᠶᠢ ᠵᠦᠩᠨᠠᠨ ᠮᠠᠳᠠᠵᠤ ᠪᠣᠯᠤᠨ᠎ᠠ᠃ ᠭᠡᠭᠦ ᠳᠤ ᠡᠳᠡᠭᠡᠷ ᠵᠦᠩᠨᠠᠯᠳᠠ ᠶᠢᠨ ᠵᠦᠪ ᠪᠣᠯᠬᠤ ᠡᠰᠡᠭᠦ ᠶᠢ ᠥᠢᠯᠡᠳᠦᠯᠭᠡ ᠪᠠᠷ ᠰᠢᠯᠭᠠᠬᠤ ᠪᠣᠯᠤᠨ᠎ᠠ ᠭᠡᠵᠤ ᠯᠢᠤ ᠹᠧᠩ ᠭᠡᠯᠡᠵᠡᠢ᠃
ᠵᠤᠬᠢᠶᠠᠭᠴᠢ᠄ ᠶᠠᠨ ᠸᠧᠢ ᠵᠢᠶᠧ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠨᠵᠢᠯᠡᠭᠡ ᠮᠡᠷᠭᠡᠵᠢᠯᠳᠠᠷᠤᠮ᠄ 6194
ᠴᠠᠭ᠄ 2009 ᠤᠨ ᠤ 11 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ