ᠨᠡᠪᠲᠡᠷᠡᠨ ᠤᠷᠤᠬᠤ
ᠠᠮᠲᠠᠳᠠᠢ᠌ᠬᠠᠨ ᠭᠡᠨ᠎ᠡ ᠯᠠᠢ

ᠠᠮᠲᠠᠳᠠᠢ᠌ᠬᠠᠨ ᠭᠡᠨ᠎ᠡ ᠯᠠᠢ


ᠳᠦᠷᠦᠭᠦ ᠳᠤ ᠡᠵᠢ ᠶᠢᠨ ᠰᠥ᠋ ᠠᠮᠲᠠᠳᠠᠢ᠌ᠬᠠᠨ ᠭᠡᠨ᠎ᠡ ᠯᠠᠢ

ᠳᠤᠷᠨᠢᠬᠤ ᠳᠤ ᠠᠪᠣ ᠶᠢᠨ ᠰᠤᠷᠭᠠᠯ ᠠᠮᠲᠠᠳᠠᠢ᠌ᠬᠠᠨ ᠭᠡᠨ᠎ᠡ ᠯᠠᠢ

ᠣᠬᠠᠭᠠᠷᠠᠬᠤ ᠳᠤ ᠪᠠᠭᠰᠢ ᠶᠢᠨ ᠭᠦᠮᠦᠵᠢᠯ ᠠᠮᠲᠠᠳᠠᠢ᠌ᠬᠠᠨ ᠭᠡᠨ᠎ᠡ ᠯᠠᠢ

ᠣᠭᠤᠴᠢᠬᠤ ᠳᠤ ᠠᠮᠠᠷᠠᠭ ᠤᠨ ᠰᠡᠳᠬᠢᠯ ᠠᠮᠲᠠᠳᠠᠢ᠌ᠬᠠᠨ ᠭᠡᠨ᠎ᠡ ᠯᠠᠢ

ᠵᠤᠪᠠᠬᠤ ᠳᠤ ᠬᠠᠨᠢ ᠶᠢᠨ ᠠᠷᠭᠠᠳᠠᠯ ᠠᠮᠲᠠᠳᠠᠢ᠌ᠬᠠᠨ ᠭᠡᠨ᠎ᠡ ᠯᠠᠢ

ᠵᠢᠷᠭᠠᠬᠤ ᠳᠤ ᠠᠮᠢᠳᠤᠷᠠᠯ ᠤᠨ ᠢᠨᠢᠶᠠᠳᠤ ᠠᠮᠲᠠᠳᠠᠢ᠌ᠬᠠᠨ ᠭᠡᠨ᠎ᠡ ᠯᠠᠢ

ᠣᠭᠢᠯᠠᠬᠤ ᠳᠤ ᠨᠢᠳᠤᠨ ᠤ ᠨᠢᠯᠪᠣᠰᠤ ᠠᠮᠲᠠᠳᠠᠢ᠌ᠬᠠᠨ ᠭᠡᠨ᠎ᠡ ᠯᠠᠢ

ᠳᠠᠭᠤᠯᠠᠬᠤ ᠳᠤ ᠳᠠᠭᠤᠨ ᠤ ᠡᠭᠡᠰᠢᠭ᠌ ᠠᠮᠲᠠᠳᠠᠢ᠌ᠬᠠᠨ ᠭᠡᠨ᠎ᠡ ᠯᠠᠢ

ᠪᠠᠷᠢᠬᠤ ᠳᠤ ᠰᠦᠨᠢ ᠶᠢᠨ ᠵᠡᠭᠦᠳᠤ ᠠᠮᠲᠠᠳᠠᠢ᠌ᠬᠠᠨ ᠭᠡᠨ᠎ᠡ ᠯᠠᠢ

ᠪᠣᠳᠤᠬᠤ ᠳᠤ ᠨᠠᠰᠤᠨ ᠤ ᠳᠤᠷᠠᠳᠬᠠᠯ ᠠᠮᠲᠠᠳᠠᠢ᠌ᠬᠠᠨ ᠭᠡᠨ᠎ᠡ ᠯᠠᠢ

ᠳᠠᠭᠠᠷᠠᠬᠤ ᠳᠤ ᠨᠠᠷᠠᠨ ᠤ ᠢᠯᠴᠢ ᠠᠮᠲᠠᠳᠠᠢ᠌ᠬᠠᠨ ᠭᠡᠨ᠎ᠡ ᠯᠠᠢ

ᠳᠠᠯᠠᠢ᠌ᠬᠤ ᠳᠤ ᠪᠣᠷᠬᠠᠨ ᠤ ᠠᠪᠰᠠ ᠠᠮᠲᠠᠳᠠᠢ᠌ᠬᠠᠨ ᠭᠡᠨ᠎ᠡ ᠯᠠᠢ᠁


ᠪᠣᠯᠠᠭ


ᠪᠢ ᠪᠣᠯ ᠭᠠᠵᠠᠷ ᠡᠵᠢ ᠶᠢᠨ ᠴᠠᠭᠠᠨ ᠰᠥ᠋

ᠪᠠᠶᠠᠨ ᠳᠡᠯᠡᠭᠡᠢ ᠶᠢᠨ ᠠᠮᠢᠨ ᠳᠡᠵᠢᠭᠡᠯ

ᠪᠠᠳᠠᠭ ᠰᠢᠯᠦᠭ᠌ ᠤᠨ ᠳᠤᠷᠭᠠᠨ ᠭᠡᠯᠭᠢᠶ᠎ᠡ︕


ᠣᠷᠭᠢᠯᠤᠨ ᠪᠣᠴᠠᠯᠤᠭᠰᠠᠨ ᠬᠠᠢ᠌ᠷ᠎ᠠ ᠶᠢᠨ ᠨᠠᠭᠤᠷ

ᠣᠠᠳᠤᠷᠤᠨ ᠳᠡᠪᠠᠷᠢᠭ᠍ᠰᠡᠨ ᠵᠢᠷᠦᠭᠡᠨ ᠤ ᠮᠦᠷᠠᠨ

ᠣᠴᠠᠷᠠᠯ ᠠᠢ᠌ᠯᠠᠳᠬᠤ ᠰᠠᠨᠠᠭᠠᠨ ᠤ ᠳᠠᠯᠠᠢ︕


ᠳᠤᠠᠳᠠᠷᠯᠠᠰᠢ ᠦᠭᠡᠶ ᠡᠭᠡ ᠶᠢᠨ ᠠᠷᠢᠭᠤᠨ ᠬᠠᠢ᠌ᠷ᠎ᠠ

ᠳᠠᠭᠤᠰᠤᠰᠢ ᠦᠭᠡᠶ ᠬᠠᠢ᠌ᠷ᠎ᠠ ᠶᠢᠨ ᠴᠡᠩᠭᠡᠷ ᠭᠦᠷᠭᠢᠷ᠎ᠡ

ᠳᠡᠭ᠍ᠷᠢ ᠳᠤᠯᠢᠳᠠᠭᠰᠠᠨ ᠠᠯᠳᠠᠨ ᠳᠤᠯᠢ︕


ᠨᠠᠷᠠ ᠣᠭᠢᠶᠠᠭᠰᠠᠨ ᠪᠣᠯᠤᠷ ᠳᠠᠭᠢᠯ

ᠰᠠᠷᠠ ᠳᠡᠪᠳᠦᠭᠡᠭ᠍ᠰᠡᠨ ᠡᠷᠳᠡᠨᠢ ᠰᠠᠭᠢᠯ

ᠣᠳᠤ ᠨᠠᠭᠠᠳᠤᠭᠤᠯᠤᠭᠰᠠᠨ ᠮᠦᠩᠭᠦᠨ ᠭᠦᠭᠢᠯ︕


ᠪᠢ ᠪᠣᠯ ᠭᠠᠵᠠᠷ ᠡᠵᠢ ᠶᠢᠨ ᠴᠠᠭᠠᠨ ᠴᠢᠰᠤ

ᠪᠠᠶᠠᠨ ᠳᠡᠯᠡᠭᠡᠢ ᠶᠢᠨ ᠠᠮᠢᠨ ᠰᠢᠮ᠎ᠠ

ᠪᠠᠳᠠᠭ ᠰᠢᠯᠦᠭ᠌ ᠤᠨ ᠷᠠᠰᠢᠶᠠᠨ ᠬᠤᠷ᠎ᠠ︕


ᠭᠠᠭᠴᠠᠭᠠᠷ ᠠᠷᠢᠭᠢᠳᠠᠬᠤᠢ


ᠨᠠᠮᠢ᠋ᠢ ᠬᠠᠷᠠᠯᠠᠳᠠᠯ᠎ᠠ ᠭᠦᠷᠯᠡᠵᠤ

ᠨᠠᠳᠠᠳᠤ ᠦᠷᠢᠳᠡᠭ᠍ᠰᠡᠨ ᠤ ᠣᠴᠢᠷ ᠲᠤ ᠴᠢᠨᠢ

ᠨᠢᠪᠰᠢᠷᠡᠳᠠᠯ᠎ᠠ ᠪᠠᠨ ᠰᠤᠭᠳᠤᠭᠰᠠᠨ ᠪᠢᠰᠢ ᠪᠢ︕


ᠰᠤᠭᠳᠤᠭᠤ ᠶᠢᠨ ᠠᠭᠠᠭ ᠣᠮᠤᠭ ᠵᠢᠠᠷ

ᠱᠤᠷᠪᠣᠭ ᠭᠠᠰᠢᠭᠤᠨ ᠨᠢᠯᠪᠣᠰᠤ ᠪᠠᠨ

ᠰᠦᠨᠢ ᠶᠢᠨ ᠭᠡᠪᠠᠯᠢ ᠳᠤ ᠠᠰᠬᠠᠭᠰᠠᠨ ᠢ ᠮᠢᠨᠢ ᠪᠣᠷᠬᠠᠨ ᠮᠠᠳᠠᠨ᠎ᠡ


ᠦᠷᠦᠭᠡᠯ ᠪᠣᠰᠤᠳ ᠤᠨ ᠡᠮᠤᠨ᠎ᠡ

ᠥᠡᠳᠡᠭᠡᠨ ᠡᠴᠠ ᠥ ᠡᠷᠢᠵᠤ

ᠡᠷᠭᠦᠨ ᠮᠠᠭᠳᠠᠭᠰᠠᠨ ᠳᠤ ᠴᠢᠨᠢ ᠳᠠᠯᠠᠷᠬᠠᠶ᠎ᠠ


ᠪᠢ ᠯᠢ ᠪᠠᠢ ᠶᠢᠨ ᠴᠠᠭᠠᠨ ᠰᠠᠷᠠ ᠶᠢ

ᠪᠣᠯᠤᠷ ᠬᠤᠠᠳᠠᠭᠠᠨ ᠳᠤᠳᠤᠷ᠎ᠠ ᠡᠴᠠ ᠰᠢᠮᠡᠭ᠍ᠰᠡᠨ ᠳ᠋ᠡᠭᠡᠨ

ᠪᠠᠬᠠᠳᠤᠵᠤ ᠰᠤᠭᠳᠤᠭᠰᠠᠨ ᠪᠢᠯᠠ ᠡ


ᠨᠠᠮᠢ᠋ᠢ ᠰᠤᠭᠳᠤᠬᠤ ᠳᠤ ᠰᠢᠯᠳᠠᠭ ᠪᠣᠯᠵᠤ

ᠨᠠᠢ᠌ᠷᠠᠭ ᠳᠠᠳᠠᠯᠠᠬᠤ ᠳᠤ ᠣᠩᠭ᠋ᠤᠳ ᠳᠠᠭᠤᠳᠠᠭᠰᠠᠨ

ᠨᠤᠪᠰᠢ ᠴᠢᠮᠠᠳᠤ ᠭᠡᠯᠡᠢ᠌ᠯ᠎ᠡ︕


ᠠᠷᠢᠭᠤᠨ ᠰᠠᠨᠠᠭ᠎ᠠ ᠭᠢᠭᠡᠳ

ᠠᠷᠢᠶᠠᠪᠠᠯᠤ ᠪᠣᠷᠬᠠᠨ ᠤ ᠡᠮᠤᠨ᠎ᠡ

ᠠᠳᠤᠭᠤᠰᠤ ᠴᠢᠮ᠎ᠠ ᠰᠢᠭ ᠣᠰᠤᠯᠳᠠᠭ᠎ᠠ ᠦᠭᠡᠶ ᠪᠢ︕


ᠴᠠᠩᠭ᠋ᠠᠭᠰᠠᠨ ᠭᠡᠷᠢᠶ᠎ᠡ


ᠭᠡᠷ ᠡᠴᠠ ᠳᠡᠯᠭᠡᠭᠦᠷ ᠳᠤ

ᠳᠡᠯᠭᠡᠭᠦᠷ ᠡᠴᠠ ᠭᠡᠷ ᠳᠤ

ᠭᠡᠷᠢᠶᠡᠨ ᠤ ᠮᠦᠷ ᠰᠢᠭ᠌ ᠮᠦᠷ ᠵᠢᠠᠨ

ᠳᠠᠷᠠ ᠦᠨᠢᠳᠠ ᠪᠠᠷᠯᠠᠵᠠᠢ᠃

ᠳᠡᠯᠭᠡᠭᠦᠷᠴᠢ ᠠᠪᠠᠬᠠᠢ ᠱᠤᠭ ᠲᠡᠶ ᠪᠠᠷ

ᠳᠡᠭᠦᠨ ᠳᠤ ᠨᠠᠷ᠎ᠠ ᠬᠠᠢ᠌ᠷᠠᠯᠠᠵᠠᠢ᠂

ᠳᠡᠭᠦᠨ ᠡᠴᠠ ᠡᠭᠢᠯᠡᠭᠡᠳ ᠳᠠᠷᠠ

ᠳᠡᠯᠡᠭᠡᠢ ᠳᠤ ᠨᠠᠷ᠎ᠠ ᠳᠠᠭᠤᠷᠠᠵᠠᠢ᠃

《ᠣᠰᠤ ᠣᠤᠭᠤᠳᠠᠭ ᠭᠡᠷᠢᠶ᠎ᠡ

ᠦᠷᠯᠦᠭᠡ ᠦᠷᠯᠦᠭᠡ ᠢᠷᠠᠨ᠎ᠡ

ᠣᠷᠴᠢᠯᠠᠩ ᠢ ᠮᠠᠷᠳᠠᠵᠤ ᠣᠷᠭᠢᠭᠠᠤᠨ

ᠦᠳᠡᠰᠢ ᠦᠳᠡᠰᠢ ᠬᠠᠷᠢᠨ᠎ᠠ᠁》


ᠨᠠᠰᠤᠨ ᠤ ᠣᠳᠤ


ᠴᠢ ᠬᠤᠷᠭᠢᠷᠠᠨ ᠣᠠᠳᠠᠭᠰᠠᠭᠠᠷ ᠬᠤᠷᠸ᠎ᠠ ᠶᠢ ᠮᠠᠷᠳᠠᠨ᠎ᠠ

ᠵᠠᠭᠤᠨ ᠴᠡᠴᠡᠭ᠌ ᠰᠦᠨᠢ ᠶᠢᠨ ᠭᠢᠷᠠᠭᠤᠨ ᠳᠤ ᠪᠣᠳᠠᠷᠠᠨ᠎ᠠ᠂

ᠪᠢ ᠣᠭᠢᠯᠠᠨ ᠳᠠᠭᠤᠯᠠᠭᠰᠠᠭᠠᠷ ᠰᠦᠨᠢ ᠶᠢ ᠪᠠᠷᠠᠨ᠎ᠠ

ᠵᠢᠰᠤᠷ ᠪᠣᠷᠤᠭᠠᠨ ᠳᠤ ᠳᠠᠪᠳᠠᠷ ᠤᠨ ᠬᠠᠭᠤᠳᠠᠰᠤ ᠳᠠᠪᠳᠤᠨ᠎ᠡ᠃

ᠴᠢ ᠮᠠᠩᠰᠢᠭᠤᠷᠠᠨ ᠵᠡᠭᠦᠳᠦᠯᠡᠭ᠍ᠰᠡᠭᠡᠷ ᠨᠠᠷᠠ ᠶᠢ ᠠᠷᠭᠠᠮᠵᠢᠭᠤᠯᠤᠨ᠎ᠠ

ᠴᠠᠭ ᠤᠨ ᠵᠡᠭᠦᠤ ᠶᠢ ᠰᠢᠷ᠎ᠠ ᠵᠢᠪᠠ ᠳᠠᠷᠤᠨ᠎ᠠ᠂

ᠪᠢ ᠶᠠᠭᠠᠷᠠᠪᠭᠢᠯᠠᠨ ᠪᠣᠵᠢᠭᠢᠨᠠᠭᠰᠠᠭᠠᠷ ᠰᠠᠷᠠ ᠶᠢ ᠴᠢᠪᠪᠦᠭᠡᠨ᠎ᠡ

ᠪᠢᠯᠢᠭ᠌ ᠤᠨ ᠳᠡᠭ᠍ᠷᠢ ᠲᠤ ᠮᠢᠨᠤ ᠣᠳᠤ ᠭᠢᠯᠠᠯᠵᠠᠨ᠎ᠠ︕


ᠬᠤᠷᠠᠯ


ᠬᠠᠮᠤᠭ ᠴᠢᠭᠢ ᠨᠤᠭᠦᠳ ᠭᠠᠰᠯᠤᠨ᠎ᠠ

ᠬᠠᠷᠠᠩᠭ᠋ᠤᠢ ᠳᠡᠭ᠍ᠷᠢ ᠳᠤ ᠣᠳᠤ ᠳᠦᠭᠡᠳᠡᠯ᠎ᠡ ᠱᠠᠰᠢᠯ᠎ᠠ᠂

ᠬᠠᠢ᠌ᠷᠠᠨ ᠴᠠᠭ ᠣᠷᠤᠰᠴᠢᠬᠠᠯ᠎ᠠ

ᠬᠤᠭᠤᠰᠤᠨ ᠥᠭᠡ ᠥᠳᠡᠭ᠍ᠰᠡᠨ ᠰᠢᠤ᠁


ᠦᠵᠡᠮᠵᠢ


ᠮᠢᠩᠭ᠋ᠠᠨ ᠥᠩᠭᠡ ᠶᠢᠨ ᠴᠡᠴᠡᠭ᠌

ᠨᠠᠷᠠᠨ ᠤ ᠳᠤᠤᠷ᠎ᠠ ᠳᠦᠷᠭᠦᠯᠡᠨ᠎ᠡ᠂

ᠮᠢᠨᠤ ᠦᠯᠤᠩ ᠨᠢᠳᠤ ᠵᠢ

ᠨᠠᠢ᠌ᠷᠠᠭ ᠤᠨ ᠠᠢ᠌ᠷᠠᠭ ᠱᠠᠩᠳᠠᠷᠠᠭᠤᠯᠤᠨ᠎ᠠ ᠁


ᠣᠳᠠᠰᠤ


ᠨᠢᠳᠤ ᠦᠭᠡᠶ ᠰᠤᠬᠤᠷ ᠱᠠᠪᠢ

ᠳᠠᠮᠪᠠᠷᠠᠤ ᠪᠠᠨ ᠵᠢᠩᠭᠡᠷᠳᠡᠭᠦᠯᠤᠨ ᠡᠷᠭᠢᠭᠦᠯᠤᠨ᠎ᠡ᠂

〈ᠨᠢᠭᠤᠷ〉 ᠦᠭᠡᠶ ᠭᠦᠭ᠍ᠰᠢᠨ ᠪᠠᠭᠰᠢ ᠨᠢ

ᠳᠠᠯᠠᠢ ᠶᠢᠨ ᠳᠡᠷᠳᠡᠭᠡ ᠡᠴᠠ ᠨᠤᠮᠯᠠᠨ᠎ᠠ᠃


ᠬᠤᠷᠢᠶᠠᠯᠳᠠ(1)


ᠣᠶᠤᠨ᠂ ᠴᠠᠭᠢᠯᠭᠠᠨ ᠳ᠋ᠸᠩ ᠰᠢᠭ᠌ ᠳᠤᠸᠠᠯᠠᠵᠤ ᠠᠰᠠᠨ᠎ᠠ

ᠣ ᠶᠢᠨ ᠴᠠᠰᠤ ᠰᠠᠮᠪᠠᠷ᠎ᠠ ᠶᠢ ᠦᠷᠭᠡᠭᠦᠤ ᠳ᠋ᠤᠨᠢ ᠬᠤᠴᠢᠨ᠎ᠠ᠂

ᠣᠬᠠᠭᠠᠨ ᠤ ᠦᠷ᠎ᠡ ᠴᠡᠭᠡᠵᠢᠨ ᠠᠳᠠᠷ ᠲᠤ ᠰᠤᠶᠤᠭᠠᠯᠠᠨ᠎ᠠ

ᠣᠭᠳᠠᠷᠭᠤᠢ ᠶᠢ ᠰᠤᠢᠯᠠᠵᠤ ᠪᠢᠯᠢᠭ᠌ ᠤᠨ ᠣᠳᠤᠳ ᠳᠤᠶᠠᠭᠠᠷᠠᠨ᠎ᠠ᠃


ᠬᠤᠷᠢᠶᠠᠯᠳᠠ (2)


ᠰᠠᠮᠪᠠᠷ᠎ᠠ ᠶᠢᠨ ᠳᠡᠭ᠍ᠷᠢ ᠡᠴᠠ ᠴᠠᠰᠤ ᠯᠠᠪᠰᠠᠯᠠᠵᠤ ᠣᠨᠠᠨ᠎ᠠ

ᠰᠠᠠᠴᠢᠭ ᠪᠣᠭᠤᠷᠤᠯ ᠪᠠᠭᠰᠢ ᠡᠴᠠ ᠭᠦᠯᠦᠰᠤ ᠳᠤᠰᠤᠯᠠᠨ᠎ᠠ᠂

ᠰᠢᠳᠤ ᠨᠢ ᠭᠢᠷᠦᠭᠡ ᠰᠢᠭ᠌ ᠥᠰᠦᠭ᠌ ᠬᠠᠷᠠᠩᠭ᠋ᠤᠢ ᠶᠢ ᠭᠢᠷᠦᠭᠡᠳᠤᠨ᠎ᠡ

ᠰᠢᠨ᠎ᠡ ᠡᠭᠡ ᠬᠠᠭᠤᠷᠠᠢ ᠳᠤ ᠮᠡᠳᠡᠯᠭᠡ ᠶᠢᠨ ᠣᠢ ᠰᠢᠭᠣᠢ᠌ᠷᠠᠨ᠎ᠠ᠃


ᠲᠦᠯᠭᠢᠭᠦᠷ


ᠪᠢ ᠲᠦᠯᠭᠢᠭᠦᠷ ᠬᠠᠢ᠌ᠵᠤ ᠶᠠᠪᠣᠨ᠎ᠠ

ᠪᠠᠶ᠎ᠠ ᠪᠠᠨ ᠨᠡᠭ᠍ᠵᠢᠵᠤ

ᠪᠢᠯᠢᠭ᠌ ᠶᠢᠡᠨ ᠠᠭᠤᠳᠠᠯᠠᠵᠤ

ᠪᠣᠳᠤᠯᠢᠶᠠᠨ ᠢ ᠪᠣᠳᠠ ᠬᠠᠭᠠᠴᠢᠵᠤ᠁

ᠵᠠᠭᠤᠭᠠᠭᠠᠴᠢ ᠬᠠᠷ᠎ᠠ ᠨᠤᠬᠠᠢ ᠰᠢᠭ

ᠨᠢᠭᠡᠨ ᠪᠣᠵᠠᠭᠠᠢ ᠣᠨᠢᠰᠤ

ᠵᠠᠮ ᠳᠤᠷᠳᠤᠨ ᠭᠡᠷᠰᠡᠢ᠌ᠵᠤ

ᠨᠠᠳᠠ ᠣᠷᠤᠭᠤ ᠭᠦᠷᠭᠢᠯᠡᠨ᠎ᠡ

ᠡᠷᠭᠢᠭᠡᠳ ᠪᠣᠴᠠᠬᠤ ᠵᠠᠪ ᠠᠯᠠᠭ᠎ᠠ

ᠡᠮᠦᠨᠡᠰᠢ ᠪᠠᠨ ᠶᠠᠪᠣᠬᠤ ᠵᠠᠮ ᠠᠯᠠᠭ᠎ᠠ

ᠡᠳᠦᠷ ᠤᠨ ᠨᠠᠷᠠ ᠡᠴᠠ ᠬᠠᠶᠠᠭᠳᠠᠵᠤ

ᠦᠳᠡᠰᠢ ᠶᠢᠨ ᠰᠠᠷᠠ ᠡᠴᠠ ᠬᠤᠵᠢᠭᠳᠠᠵᠤ᠁

ᠲᠦᠯᠭᠢᠭᠦᠷ ᠢ ᠪᠢ

ᠳᠡᠭ᠍ᠷᠢ ᠡᠴᠠ ᠡᠷᠢᠭᠦ ᠥᠭᠡᠢ

ᠳᠠᠷᠠ ᠭᠦᠯᠥᠢᠵᠤ ᠪᠠᠢ᠌ᠭ᠎ᠠ ᠨᠤᠬᠠᠢ ᠰᠢᠭ ᠣᠨᠢᠰᠤ ᠵᠢᠨ

ᠳᠠᠭ ᠨᠢᠳᠤᠨ ᠡᠴᠠ ᠰᠦᠪᠡᠯᠠᠨᠠᠮ︕


ᠰᠦᠨᠢ


ᠰᠠᠷᠬᠤᠤᠨ ᠠᠬᠠᠳᠠᠭᠤᠯᠤᠨ ᠵᠤᠭᠤᠭᠯᠠᠭᠰᠠᠨ

ᠰᠤᠭᠳᠤᠭᠤ ᠠᠪᠣ ᠶᠢᠨ ᠬᠤᠷᠭᠢᠷᠠᠭ᠎ᠠ ᠳ᠋ᠤ

ᠰᠤᠭᠳᠤᠭᠠᠤᠨ ᠣᠠᠳᠠᠨ᠎ᠠ

ᠰᠠᠭᠠᠯᠢᠴᠢᠨ ᠡᠵᠢ ᠶᠢᠨ ᠰᠠᠭᠤᠯᠠᠭᠠᠨ ᠳ᠋ᠤ

ᠱᠠᠭᠢᠬᠤ ᠰᠦᠨ ᠪᠣᠷᠤᠭᠠᠨ ᠳᠤ

ᠰᠤᠴᠢᠭᠠᠤᠨ ᠰᠠᠷᠠᠨ᠎ᠡ


ᠬᠠᠢ᠌ᠷ᠎ᠠ ᠶᠢᠨ ᠪᠠᠯᠡᠭ᠌


ᠪᠠᠯᠴᠢᠷ ᠴᠠᠭ ᠲᠤ ᠮᠢᠨᠢ

〈ᠪᠤᠤᠪᠤ〉 ᠢᠳᠡᠭᠦᠯᠦᠭ᠍ᠰᠡᠨ ᠠᠯᠠᠭ᠎ᠠ ᠳᠠᠨᠢ

ᠪᠠᠢ᠌ᠨ ᠪᠠᠢ᠌ᠨ ᠪᠣᠳᠤᠭᠳᠤᠨ᠎ᠠ

ᠪᠠᠢ᠌ᠨ ᠪᠠᠢ᠌ᠨ ᠬᠤᠷᠤᠰᠤᠭᠳᠤᠨ᠎ᠠ

ᠥᠭᠡᠯ᠎ᠡ ᠪᠣᠯᠬᠤ ᠳᠤ ᠮᠢᠨᠢ

ᠦᠨᠦᠭᠢ ᠠᠯᠠᠭᠠᠨ 〈ᠪᠣᠤᠪᠣ〉 ᠳᠠᠨᠢ

ᠦᠶ᠎ᠡ ᠦᠶ᠎ᠡ ᠰᠠᠨᠠᠭᠳᠠᠨ᠎ᠠ

ᠦᠶ᠎ᠡ ᠦᠶ᠎ᠡ ᠳᠤᠷᠠᠰᠤᠭᠳᠠᠨ᠎ᠠ

ᠬᠠᠯᠠ ᠲᠡᠶ ᠵᠠᠩᠨᠠᠵᠤ

ᠬᠠᠳᠠᠭᠤ ᠪᠠᠷ ᠦᠭ‍ᠭᠦᠭ᠍ᠰᠡᠨ

ᠬᠠᠢ᠌ᠷ᠎ᠠ ᠶᠢᠨ ᠪᠠᠯᠡᠭ᠌ ᠢ ᠴᠢᠨᠢ

ᠬᠠᠷᠢᠨ ᠣᠳᠤ ᠪᠢ ᠠᠴᠢ ᠲᠤ ᠴᠢᠨᠢ ᠪᠠᠯᠡᠭᠯᠵᠤ ᠪᠠᠢ᠌ᠨᠠᠮ ᠠᠪᠣ ᠡ



ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠢᠯᠢ ᠵᠸᠤ ᠶᠢᠨ ᠳᠤᠷᠰᠢᠯᠳᠠ ᠶᠢᠨ ᠳᠤᠮᠳᠠᠳᠤ ᠰᠤᠷᠭᠠᠭᠤᠯᠢ

ᠵᠤᠬᠢᠶᠠᠭᠴᠢ᠄ ᠭᠠᠩᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2625
ᠴᠠᠭ᠄ 2010 ᠤᠨ ᠤ 05 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ