☆ ᠰ᠊·ᠠᠭᠤᠯᠠ
ᠨᠤᠳᠤᠭ ᠮᠢᠨᠢ ᠰᠠᠨᠠᠭᠳᠠᠨ᠎ᠠ
ᠡᠯᠢᠭᠡᠨ ᠳᠡᠭᠡᠨ ᠬᠤᠷᠮᠣᠢ᠌ᠯᠠᠵᠤ ᠬᠠᠭᠤᠷᠠᠢ᠌ᠯᠠᠭᠰᠠᠨ
ᠡᠯᠡᠰᠤᠨ ᠨᠤᠳᠤᠭ ᠮᠢᠨᠢ ᠪᠣᠳᠤᠭᠳᠠᠨ᠎ᠠ
ᠡᠩᠭᠡᠷ ᠶᠢᠡᠨ ᠢᠷᠠᠵᠤ ᠮᠥᠮᠦᠭᠦᠯᠦᠭ᠍ᠰᠡᠨ
ᠡᠨᠡᠷᠢᠯᠳᠤ ᠡᠵᠢ ᠮᠢᠨᠢ ᠰᠠᠨᠠᠭᠳᠠᠨ᠎ᠠ
ᠡᠪᠦᠷ ᠲᠡᠭᠡᠨ ᠣᠠᠳᠠᠭᠤᠯᠵᠤ ᠡᠩᠭᠦᠷᠡᠢ᠌ᠯᠡᠭ᠍ᠰᠡᠨ
ᠡᠪᠦᠭᠡ ᠶᠢᠨ ᠮᠢᠨᠢ ᠪᠠᠷ᠎ᠠ ᠳᠤᠷᠠᠰᠤᠭᠳᠠᠨ᠎ᠠ
ᠡᠪᠠᠢ᠌ᠯᠡᠵᠤ ᠨᠠᠮᠢ᠋ᠢ ᠥᠭᠦᠭᠡᠷᠳᠡᠭ᠍ᠰᠡᠨ
ᠡᠴᠢᠭᠡ ᠶᠢᠨ ᠮᠢᠨᠢ ᠴᠢᠷᠠᠢ ᠮᠦᠷᠦᠭᠡᠳᠦᠭ᠍ᠳᠡᠨᠡ᠃
ᠬᠠᠯᠠ ᠪᠠᠷ ᠪᠠᠷᠭᠡ ᠶᠢ ᠳᠠᠨᠢᠭᠤᠯᠤᠭᠰᠠᠨ
ᠬᠠᠭᠤᠷᠠᠢ ᠡᠯᠡᠰᠤ ᠳᠡᠮᠳᠡᠷᠢᠭ᠍ᠳᠡᠨᠡ
ᠬᠠᠨᠢ ᠪᠠᠷ ᠦᠨᠦᠴᠢᠷᠠᠯ ᠢ ᠮᠠᠷᠳᠠᠭᠤᠯᠤᠭᠰᠠᠨ
ᠬᠠᠯᠠᠮᠵᠢ ᠬᠠᠪᠰᠤᠷᠠᠯ ᠥᠭᠡᠢ᠌ᠯᠡᠭ᠍ᠳᠡᠨ᠎ᠡ
ᠬᠠᠢ᠌ᠷᠠᠯᠠᠵᠤ ᠭᠠᠮᠨᠠᠬᠤ ᠶᠢ ᠵᠢᠭᠠᠭᠰᠠᠨ
ᠬᠠᠳᠠᠭᠤ ᠴᠠᠭ ᠠᠮᠳᠠᠯᠠᠭᠳᠠᠨ᠎ᠠ
ᠬᠠᠷᠢᠨ ᠳᠡᠭᠡᠭᠦ ᠳᠤ ᠨᠤᠳᠤᠭ ᠮᠢᠨᠢ
ᠬᠠᠪᠳᠠᠭᠠᠢ ᠴᠡᠭᠡᠵᠢᠨ ᠳᠤ ᠰᠡᠢ᠌ᠯᠦᠭ᠍ᠳᠡᠨᠡ ᠡ ︕
ᠵᠤᠬᠢᠶᠠᠭᠴᠢ ᠶᠢᠨ ᠬᠠᠶᠢᠭ ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ
ᠵᠤᠬᠢᠶᠠᠭᠴᠢ᠄ ᠰ᠊·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 05 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ