ᠨᠡᠪᠲᠡᠷᠡᠨ ᠤᠷᠤᠬᠤ
ᠭᠠᠷ ᠤᠨ ᠠᠷᠪᠠᠨ ᠬᠤᠷᠤᠭᠤ

(ᠬᠡᠦᠬᠡᠳ ᠤᠨ ᠰᠢᠯᠦᠭ᠌)


ᠠᠷᠪᠠᠨ ᠬᠤᠷᠤᠭᠤ ᠨᠠᠢ᠌ᠯᠠᠪᠠᠯ

ᠠᠵᠢᠯ ᠪᠦᠳᠦᠭᠦ ᠨᠢ ᠬᠤᠷᠳᠤᠨ ᠰᠢᠤ

ᠠᠳᠬᠤᠭᠠᠤᠨ ᠠᠪᠣᠭᠰᠠᠨ ᠶᠠᠭᠤᠮ᠎ᠠ ᠪᠠᠨ

ᠠᠪᠤᠨ ᠳᠤᠤᠷ᠎ᠠ ᠨᠢ ᠭᠢᠳᠡᠭ᠌ ᠰᠢᠤ


ᠠᠪᠣ ᠶᠢᠨ ᠡᠷᠡᠭᠡᠢ ᠬᠤᠷᠤᠭᠤ

ᠥᠭᠡᠷ ᠠᠯᠠᠬᠤ ᠴᠢᠳᠠᠯ ᠲᠡᠶ ᠰᠢᠤ

ᠣᠬᠠᠭᠠᠨ ᠲᠡᠶ ᠬᠡᠦᠬᠡᠳ ᠢ ᠦᠵᠡᠪᠠᠯ

ᠠᠰ ᠪᠣᠰᠤᠨ ᠮᠠᠭᠳᠠᠳᠠᠭ ᠰᠢᠤ


ᠡᠵᠢ ᠶᠢᠨ ᠳᠤᠯᠤᠪᠣᠷ ᠬᠤᠷᠤᠭᠤ

ᠡᠪᠠᠷ ᠬᠤᠷᠤᠭᠤᠪᠴᠢ ᠵᠡᠭᠦᠳᠡᠭ᠌ ᠰᠢᠤ

ᠣᠢ᠌ᠯᠠ ᠣᠳᠠᠰᠤᠨ ᠳᠤ ᠶᠠᠭᠠᠷᠠᠭᠠᠤᠨ

ᠥᠩᠭᠡ ᠶᠢᠨ ᠳᠠᠪᠠᠯ ᠣᠶᠤᠳᠠᠭ ᠰᠢᠤ


ᠡᠮᠡᠭᠡ ᠶᠢᠨ ᠳᠤᠮᠳᠠ ᠬᠤᠷᠤᠭᠤ

ᠡᠭᠡᠷᠡᠭᠦᠯ ᠢᠮᠡᠷᠭᠦ ᠳᠡᠭᠡᠨ ᠭᠠᠪᠰᠢᠭᠠᠢ ᠰᠢᠤ

ᠡᠯᠳᠡᠪ ᠨᠤᠤᠰᠤ ᠭᠢᠯᠠᠭᠠᠰᠤ ᠪᠠᠷ

ᠣᠭᠤᠰᠤᠷ ᠳᠡᠭᠡᠰᠤ ᠳᠠᠮᠤᠳᠠᠭ ᠰᠢᠤ


ᠡᠪᠦᠭᠡ ᠶᠢᠨ ᠢᠳᠠᠮ ᠬᠤᠷᠤᠭᠤ

ᠠᠷᠠᠵᠠ ᠳᠤᠰᠪᠠᠯ ᠰᠡᠷᠵᠢᠮᠯᠡᠳᠡᠭ᠌ ᠰᠢᠤ

ᠠᠮᠳᠠᠨ ᠪᠦᠭᠦᠨ ᠤ ᠳᠡᠭᠡᠵᠢ ᠪᠠᠨ

ᠡᠰᠡᠷᠸ᠎ᠡ ᠳᠡᠭ᠍ᠷᠢ ᠳᠡᠭᠡᠨ ᠡᠷᠭᠦᠳᠡᠭ᠌ ᠰᠢᠤ


ᠳᠡᠭᠦᠤ ᠶᠢᠨ ᠰᠢᠭᠡᠵᠢ ᠬᠤᠷᠤᠭᠤ

ᠳᠡᠭᠦᠯᠳᠡᠷ ᠬᠤᠭᠤᠷ ᠳᠠᠷᠤᠳᠠᠭ ᠰᠢᠤ

ᠳᠠᠮᠳᠠᠢ ᠣᠷᠠᠨ ᠭᠦᠳᠡᠯᠦᠭᠡᠳ

ᠳᠡᠭ᠍ᠵᠢᠨ ᠠᠶ᠎ᠠ ᠭᠠᠷᠭᠠᠳᠠᠭ ᠰᠢᠤ


ᠭᠠᠷ ᠤᠨ ᠠᠷᠪᠠᠨ ᠬᠤᠷᠤᠭᠤ ᠭᠡᠭ᠍ᠴᠢ

ᠭᠠᠭᠴᠠ ᠭᠠᠭᠴᠠ ᠳᠠᠭᠠᠨ ᠡᠷᠳᠡᠮ ᠲᠡᠶ ᠰᠢᠤ

ᠶᠡᠭᠡᠭᠦᠨ ᠦᠭᠡᠶ ᠪᠦᠯᠭᠦᠮᠳᠡᠨ ᠠᠵᠢᠯᠯᠠᠪᠠᠯ

ᠶᠡᠭᠡ ᠣᠢ᠌ᠯᠠᠰ ᠪᠦᠳᠦᠭᠡᠳᠡᠭ᠌ ᠰᠢᠤ


2010.1.28


ᠵᠤᠬᠢᠶᠠᠭᠴᠢ ᠶᠢᠨ ᠬᠠᠶ‍ᠢᠭ᠄ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2010 ᠤᠨ ᠤ 07 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ