☆ ᠬᠠ᠊·ᠯᠢᠩᠬᠸ᠎ᠠ
ᠬᠤᠶᠠᠷ ᠮᠢᠩᠭ᠎ᠠ ᠠᠷᠪᠠᠨ ᠬᠤᠶᠠᠷ ᠣᠨ ᠮᠢᠨᠢ ᠪᠠᠶᠠᠷᠳᠠᠢ
ᠪᠦᠳᠤᠨ ᠵᠢᠯ ᠳᠦᠡᠳᠡᠭᠡᠨᠡᠵᠤ ᠮᠤᠩᠭᠢᠨᠠᠭᠠᠤᠨ
ᠪᠦᠳᠦᠭᠡᠭ᠍ᠰᠡᠨ ᠶᠠᠭᠤᠮ᠎ᠠ ᠶᠠᠭᠤ ᠪᠠᠢ᠌ᠨ᠎ᠠ ᠪᠣᠢ ⁈
ᠪᠦᠭᠦᠨ ᠢ ᠡᠷᠭᠢᠴᠡᠭᠦᠯᠤᠨ ᠳᠤᠩᠭ᠋ᠠᠨ ᠪᠣᠳᠤᠭᠠᠤᠨ
ᠪᠠᠷᠭᠡ ᠶᠢᠨ ᠶᠡᠭᠡ ᠣᠯᠵᠠ ᠲᠡᠶ ᠰᠠᠨᠠᠭᠳᠠᠨ᠎ᠠ ︕
ᠭᠠᠷᠴᠠᠭ᠎ᠠ ᠦᠭᠡᠶ ᠠᠵᠢᠯ ᠡᠴᠠ ᠠᠮᠠᠷᠠᠭᠠᠤᠨ
ᠬᠠᠭᠠᠰ ᠵᠢᠯ ᠢ ᠨᠢ ᠭᠡᠶᠦᠷᠡᠭᠡᠳ ᠥᠩᠭᠡᠷᠡᠵᠡᠢ
ᠬᠠᠷᠢᠨ ᠳᠦᠭᠡᠷᠢᠭ᠍ᠰᠡᠨ ᠭᠠᠯᠠᠭᠤ ᠰᠢᠭ ᠭᠠᠩᠭ᠋ᠠᠨᠠᠭᠰᠠᠭᠠᠷ
ᠬᠤᠯᠪᠣᠭ᠎ᠠ ᠳᠤ ᠣᠷᠤᠭᠠᠤᠨ ᠭᠦᠯ ᠳᠤᠭᠳᠠᠯ᠎ᠠ ︕
ᠵᠤᠨ ᠤ ᠵᠢᠷᠭᠤᠭᠠᠨ ᠰᠠᠷ᠎ᠠ ᠶᠢᠨ ᠡᠷᠡᠨ ᠳ᠋ᠤ
ᠵᠤᠭᠠᠳᠠᠢ ᠬᠤᠪᠢᠨ ᠤ ᠪᠦᠷᠭᠡ ᠪᠠᠨ ᠨᠡᠭᠡᠭᠡᠯ᠎ᠡ
ᠳᠤᠭᠤᠷ ᠤᠨ ᠮᠤᠳᠤ ᠵᠠᠢ᠌ᠯᠠᠨ ᠣᠷᠭᠤᠭᠤᠯᠤᠯ᠎ᠠ
ᠳᠤᠮᠳᠠᠢ ᠠᠷᠠᠴᠢᠯᠠᠭ᠎ᠠ ᠣᠰᠤᠯᠭᠠ ᠭᠢᠯ᠎ᠠ
ᠮᠥᠩᠭᠡ ᠭᠠᠯ ᠰᠤᠹᠲ᠋ᠸᠠᠢ᠌ᠷ ᠢ ᠣᠭᠰᠠᠷᠠᠯᠠ
ᠮᠤᠩᠭ᠋ᠤᠯ ᠦᠰᠦᠭ᠌ ᠨᠢᠳᠤᠨ᠎ᠡ ᠳᠤᠳᠤᠷᠠᠯ᠎ᠠ
ᠮᠤᠬᠤᠰᠢ ᠦᠭᠡᠶ ᠵᠤᠷᠢᠭ ᠢ ᠡᠷᠴᠢᠯᠡᠯᠡ
ᠮᠤᠩᠭ᠋ᠤᠯ ᠦᠰᠦᠭ᠌ ᠪᠣᠰᠴᠤ ᠵᠤᠭᠰᠤᠯ᠎ᠠ
ᠡᠵᠢ ᠪᠠᠨ ᠦᠵᠡᠭ᠍ᠰᠡᠨ ᠰᠢᠭ᠌ ᠪᠠᠶᠠᠷᠯᠠᠯ᠎ᠠ
ᠠᠩᠬᠠᠨ ᠤ ᠰᠢᠯᠦᠭ᠌ ᠶᠢᠡᠨ ᠡᠷᠭᠦᠨ ᠪᠠᠷᠢᠯ᠎ᠠ
ᠡᠯᠡᠷ ᠪᠠᠯᠠᠷ ᠥᠩᠭᠡᠷᠡᠭ᠍ᠰᠡᠨ ᠳᠡᠦᠭᠡ
ᠬᠠᠰᠢᠯᠭ᠎ᠠ ᠨᠢ ᠰᠡᠳᠡᠷᠡᠭ᠍ᠰᠡᠨ ᠰᠢᠭ᠌ ᠪᠠᠭᠤᠯ᠎ᠠ
ᠪᠣᠯᠤᠭᠰᠠᠨ ᠳᠦᠭᠦᠭᠡᠢ ᠶᠢ ᠬᠠᠮᠢᠶᠠᠷᠤᠯ ᠥᠭᠡᠢ
ᠪᠣᠳᠤᠵᠤ ᠣᠯᠪᠠᠯ ᠳᠤᠪᠰᠢᠵᠤ ᠯᠠ ᠪᠠᠢ᠌ᠭᠰᠠᠨ
ᠰᠤᠯᠢᠶᠠᠷᠠᠭᠰᠠᠨ ᠶᠤᠮ ᠰᠢᠭ᠌ ᠰᠤᠢ᠌ᠳ ᠪᠣᠯᠤᠭᠠᠤᠨ
ᠰᠦᠨᠢ ᠶᠢᠨ ᠵᠡᠭᠦᠳᠤᠨ ᠳᠤ ᠴᠤ ᠰᠢᠯᠦᠭ᠌ ᠡ
ᠢᠴᠢᠮᠠᠷ ᠰᠤᠴᠢᠮᠠᠷ ᠶᠠᠭᠤᠮ᠎ᠠ ᠨᠠᠢ᠌ᠳᠠᠯᠠᠵᠠᠢ
ᠦᠪᠡᠷ ᠤᠨ ᠪᠢᠴᠢᠵᠤ ᠪᠠᠢ᠌ᠭ᠎ᠠ ᠶᠠᠭᠤᠮᠠᠨ ᠳ᠋ᠠᠭᠠᠨ
ᠱᠤᠭᠰᠢᠵᠤ ᠪᠦᠭ᠍ᠰᠢᠨ ᠣᠭᠢᠯᠠᠨ ᠬᠠᠢ᠌ᠯᠠᠯᠠ
ᠰᠠᠨᠠᠨ ᠰᠠᠨᠠᠨ ᠭᠦᠭᠡᠷᠡᠵᠤ ᠴᠤ ᠪᠠᠢ᠌ᠯ᠎ᠡ
ᠪᠦᠷᠭᠡ ᠶᠢᠨ ᠭᠠᠢ᠌ᠬᠠᠮᠰᠢᠭᠳᠤ ᠶᠢᠷᠳᠢᠠᠴᠤ ᠳ᠋ᠤ
ᠪᠣᠳᠤᠯ ᠤᠨ ᠥᠭᠡ ᠪᠠᠨ ᠯᠠᠪᠰᠢᠷᠠᠭᠤᠯᠤᠨ ᠳᠡᠯᠭᠡᠵᠤ
ᠪᠦᠳᠦᠭᠡᠯ ᠴᠤ ᠪᠣᠯᠤᠭ ᠳᠠᠰᠬᠠᠯ ᠴᠤ ᠪᠣᠯᠤᠭ
ᠪᠦᠭᠦᠯᠢ ᠬᠠᠭᠠᠰ ᠵᠢᠯ ᠢ ᠪᠦᠷᠢᠨ ᠡᠳ᠋ᠯᠡᠯ᠎ᠡ
ᠰᠢᠨᠡᠯᠡᠵᠤ ᠭᠤᠨᠢᠭᠯᠠᠵᠤ ᠵᠤᠪᠠᠬᠤ ᠶᠢᠨ ᠣᠷᠤᠨ ᠳ᠋ᠤ
ᠰᠢᠪᠬᠠᠭᠠᠤᠨ ᠪᠦᠭᠦᠨ ᠢ ᠺᠤᠮᠫᠢᠦ᠋ᠲ᠋ᠧᠷ ᠲᠤ ᠭᠢᠴᠢᠭᠡᠪᠠᠯ
ᠰᠡᠳᠭᠢᠯ ᠤᠨ ᠳᠠᠷᠤᠭᠠᠰᠤ ᠦᠭᠡᠶ ᠪᠣᠯᠵᠤ
ᠰᠠᠨᠠᠭ᠎ᠠ ᠳᠠᠯᠪᠢᠭᠤᠷᠠᠨ ᠠᠭᠤᠵᠢᠷᠠᠬᠤ ᠶᠤᠮ ᠪᠢᠯᠠ
ᠳᠤᠷ᠎ᠠ ᠳᠤ ᠰᠢᠷ᠎ᠠ ᠦᠭᠡᠶ ᠭᠡᠳᠡᠭ᠌
ᠳᠤᠷᠠᠰᠤᠮᠵᠢ ᠪᠠᠨ ᠭᠡᠯᠭᠢᠶᠡᠷᠡᠭᠦᠯᠤᠨ ᠳᠤᠭᠤᠷᠪᠢᠨ᠎ᠠ
ᠳᠤᠭᠤᠷ ᠭᠡᠵᠢᠶ᠎ᠡ ᠪᠣᠯᠪᠠᠰᠤᠷᠠᠬᠤ ᠶᠢ ᠦᠯᠤ ᠮᠠᠳᠠᠨ᠎ᠡ
ᠳᠠᠰᠪᠣᠷᠢᠳᠠᠢ ᠭᠦᠯᠢᠭᠡᠯᠵᠡᠨ ᠪᠠᠢ᠌ᠭᠠᠷᠠᠢ
ᠨᠠᠢ᠌ᠵᠠ ᠨᠥᠭᠦᠤᠨ ᠣᠷᠠᠮᠰᠢᠭᠤᠯᠤᠨ ᠳᠠᠭᠠᠯᠠᠵᠤ
ᠨᠠᠷᠮᠠᠢ ᠣᠯᠠᠨ ᠠᠯᠵᠢᠶᠠᠯ ᠦᠭᠡᠶ ᠰᠠᠭᠠᠳᠤᠵᠤ
ᠳᠠ ᠪᠦᠭᠦᠨ ᠲᠡᠶ ᠵᠤᠪᠠᠯ ᠵᠢᠷᠭᠠᠯ ᠶᠢᠡᠨ ᠬᠤᠪᠢᠶᠠᠯᠴᠠᠯ᠎ᠠ
ᠳᠠᠨᠠᠷ ᠲᠠᠭᠠᠨ ᠭᠦᠨ ᠳᠠᠯᠠᠷᠬᠠᠯ ᠶᠢᠡᠨ ᠳᠡᠪᠰᠢᠭᠦᠯᠦᠶ᠎ᠡ
ᠰᠢᠨ᠎ᠡ ᠵᠢᠯ ᠳᠤ ᠴᠥᠭᠦᠷᠡᠯ ᠦᠭᠡᠶ ᠴᠢᠷᠮᠠᠢ᠌ᠶ᠎ᠠ
ᠰᠢᠨᠡᠭᠡᠨ ᠵᠤᠬᠢᠶᠠᠯ ᠰᠠᠳᠭᠢᠵᠤ ᠣᠷᠤᠯᠳᠤᠶ᠎ᠠ
ᠬᠠᠭᠤᠴᠢᠨ ᠵᠢᠯ ᠶᠢᠡᠨ ᠬᠠᠨᠤᠮᠵᠢᠳᠠᠢ ᠦᠳᠡᠯ᠎ᠠ
ᠬᠤᠶᠠᠷ ᠮᠢᠩᠭ᠎ᠠ ᠠᠷᠪᠠᠨ ᠬᠤᠶᠠᠷ ᠣᠨ ᠮᠢᠨᠢ ᠪᠠᠶᠠᠷᠳᠠᠢ ︕
2013 ᠣᠨ ᠤ 1 ᠰᠠᠷ᠎ᠠ ᠵᠢᠨ 1 ᠊ᠤ ᠡᠳᠦᠷ
ᠵᠤᠬᠢᠶᠠᠭᠴᠢ ᠶᠢᠨ ᠬᠠᠶᠢᠭ ᠄ ᠰᠢᠯᠢ ᠶᠢᠨ ᠭᠤᠤᠯ ᠤᠨ ᠰᠦᠨᠢᠳ ᠵᠡᠭᠦᠨ ᠬᠤᠰᠢᠭᠤ
ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2740
ᠴᠠᠭ᠄ 2013 ᠤᠨ ᠤ 01 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ