☆ ᠳᠠᠪᠬᠤᠷᠪᠠᠶᠠᠷ
ᠤᠷᠭ᠎ᠠ
ᠣᠷᠭ᠎ᠠ ᠊᠊᠊᠊᠊᠊᠊᠊᠊᠊᠊᠊᠊᠊᠊
ᠣᠭᠳᠠᠷᠭᠤᠢ ᠳᠣᠢ᠌ᠮᠠᠷᠳᠠᠵᠤ ᠳᠠᠪᠭᠢᠭᠰᠠᠨ
ᠣᠩᠭ᠋ᠤᠨ ᠰᠠᠷᠠᠯ ᠤᠨ ᠳᠠᠯ
ᠣᠳᠤᠳ ᠢ ᠡᠪᠭᠡᠵᠤ ᠡᠷᠭᠡᠰᠢᠶᠡᠭ᠍ᠰᠡᠨ
ᠳᠡᠭ᠍ᠷᠢᠯᠢᠭ᠌ ᠣᠬᠠᠭᠠᠨ ᠤ ᠡᠰᠢ
ᠨᠢ᠋ᠮᠠᠨ ᠰᠢᠷᠭ᠎ᠠ ᠶᠢᠨ ᠮᠤᠠᠳᠠᠭ᠎ᠠ ᠡᠴᠡ
ᠣᠷᠭᠤᠵᠤ ᠳᠦᠷᠡᠯᠵᠡᠭ᠍ᠰᠡᠨ ᠰᠤᠷ
ᠶᠢᠰᠤᠨ ᠭᠦᠭᠦᠯᠳᠤ ᠳᠤᠭ ᠤᠨ
ᠶᠢᠷᠳᠢᠠᠴᠤ ᠶᠢ ᠢᠯᠪᠢᠭ᠍ᠰᠡᠨ ᠰᠦᠷ
ᠣᠷᠭ᠎ᠠ ᠊᠊᠊᠊᠊᠊᠊᠊᠊᠊᠊᠊᠊᠊᠊
ᠪᠦᠭᠦᠢᠭᠦ ᠦᠭᠡᠶ ᠨᠢᠭᠡ ᠦᠨᠳᠦᠰᠦᠳᠠᠨ ᠤ
ᠣᠶᠠᠨ ᠴᠢᠨᠠᠷ ᠤᠨ ᠭᠤᠯᠤᠮᠳᠠ
ᠪᠦᠯᠭᠦᠮᠳᠡᠯ ᠲᠡᠶ ᠨᠢᠭᠡᠨ ᠶᠠᠰᠤᠳᠠᠨ ᠤ
ᠣᠬᠠᠭᠠᠨ ᠤ ᠭᠤᠷᠮᠤᠰᠤᠨ ᠡᠷᠴᠢᠮ
ᠣᠷᠭ᠎ᠠ ᠊᠊᠊᠊᠊᠊᠊᠊᠊᠊᠊᠊᠊᠊᠊
ᠴᠤᠴᠠᠰᠢ ᠦᠭᠡᠶ ᠰᠤᠨᠤᠯᠵᠠᠭᠰᠠᠨ ᠬᠤᠯᠠ ᠶᠢᠨ ᠰᠠᠨᠠᠭ᠎ᠠ
ᠡᠴᠡᠰᠢ ᠦᠭᠡᠶ ᠳᠠᠪᠭᠢᠭᠰᠠᠨ ᠬᠠᠨ ᠵᠤᠷᠢᠭ ︕
ᠣᠷᠭ᠎ᠠ ᠪᠠᠢ᠌ᠭᠰᠠᠨ ᠡᠴᠡ
ᠰᠦᠷᠦᠭ᠌ ᠪᠠᠢ᠌ᠭᠰᠠᠨ
ᠣᠭᠰᠠᠭ᠎ᠠ ᠮᠤᠩᠭ᠋ᠤᠯ ᠤᠨ
ᠠᠮᠢᠳᠤᠷᠠᠯ ᠪᠠᠢ᠌ᠭᠰᠠᠨ
ᠡᠷ᠎ᠡ ᠬᠤᠶᠠᠷ ᠵᠠᠭᠠᠯ ᠪᠠᠢ᠌ᠭᠰᠠᠨ
ᠡᠷᠡᠮᠡᠭᠡᠢ ᠵᠤᠷᠢᠭ ᠲᠡᠶ
ᠳᠡᠭᠡᠳᠦᠰ ᠮᠢᠨᠢ ᠪᠠᠢ᠌ᠭᠰᠠᠨ
ᠡᠷᠡᠨ ᠢ ᠳᠤᠷᠭᠢᠭᠤᠯᠤᠭᠰᠠᠨ
ᠳᠡᠦᠭᠡ ᠪᠠᠢ᠌ᠭᠰᠠᠨ
ᠣᠷᠭ᠎ᠠ ᠪᠠᠨ ᠭᠡᠭᠡᠭ᠍ᠰᠡᠨ ᠭᠦᠮᠤᠨ
ᠨᠠᠷᠠ ᠪᠠᠨ ᠮᠠᠷᠳᠠᠭᠰᠠᠨ ᠭᠦᠮᠤᠨ
ᠣᠷᠭ᠎ᠠ ᠪᠠᠨ ᠬᠤᠭᠤᠯᠤᠭᠰᠠᠨ ᠭᠦᠮᠤᠨ
ᠶᠠᠰᠤ ᠪᠠᠨ ᠬᠤᠭᠤᠯᠤᠭᠰᠠᠨ ᠭᠦᠮᠤᠨ
ᠣᠷᠭ᠎ᠠ ᠲᠡᠶ ᠭᠦᠮᠤᠨ ᠤ ᠰᠡᠳᠭᠢᠯ ᠳᠤ
ᠰᠦᠷᠦᠭ᠌ ᠨᠢ ᠭᠡᠵᠢᠶᠡᠳᠡ ᠳᠤᠭ᠎ᠠ ᠪᠠᠷ ᠶᠢᠡᠨ
ᠣᠳᠤᠮᠳᠤ ᠰᠤᠶᠤᠯ ᠤᠨ ᠭᠤᠯᠤᠮᠳᠠ
ᠣᠬᠠᠭᠠᠨ ᠶᠢᠡᠷ ᠭᠡᠵᠢᠶᠡᠳᠡ ᠳᠦᠷᠡᠯᠵᠡᠩᠭᠡᠨ
ᠣᠷᠭ᠎ᠠ ᠶᠢᠨ ᠥᠵᠦᠭᠦᠷ
ᠣᠳᠤᠳ ᠢ ᠳᠤᠭᠠᠯᠠᠨ᠎ᠠ
ᠣᠤᠷ ᠰᠤᠶᠤᠯ ᠤᠨ ᠭᠡᠢ᠌ᠮᠦᠷᠢ ᠶᠢ ᠬᠤᠷᠣᠢ᠌ᠯᠠᠨ᠎ᠠ ︕
ᠵᠤᠬᠢᠶᠠᠭᠴᠢ ᠶᠢᠨ ᠬᠠᠶᠢᠭ᠄ ᠲᠦᠰᠢᠶᠠᠳᠤ ᠶᠢᠨ ᠭᠦᠡᠳᠦᠯ
ᠵᠤᠬᠢᠶᠠᠭᠴᠢ᠄ ᠳᠠᠪᠬᠤᠷᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ