ᠨᠡᠪᠲᠡᠷᠡᠨ ᠤᠷᠤᠬᠤ
ᠠᠢ᠌ᠯ ᠡᠴᠡ ᠠᠷᠭᠠᠯ ᠬᠤᠯᠠᠳᠠᠯ᠎ᠠ᠁

ᠬᠠᠷᠠᠭ᠎ᠠ ᠬᠠᠯᠢᠷᠠᠮ᠎ᠠ

ᠬᠠᠳᠠᠵᠤ ᠰᠢᠷᠠᠯᠠᠭᠰᠠᠨ ᠪᠠᠯᠴᠢᠭᠡᠷ

ᠬᠠᠳᠠᠭᠤ ᠳᠡᠯᠡᠭ᠍ᠰᠡᠨ ᠰᠠᠷᠠᠯᠵᠢ ᠪᠠᠷ

ᠴᠢᠨᠤ ᠮᠢᠨᠤ ᠭᠡᠵᠤ ᠵᠠᠭᠠᠭᠯᠠᠭᠳᠠᠨ᠎ᠠ

ᠰᠠᠭᠠᠯᠢ ᠰᠦᠨ ᠤ ᠬᠠᠩᠬᠤᠯᠤᠭᠤᠨ ᠦᠨᠦᠷ

ᠡᠩᠭᠡᠷ ᠬᠤᠷᠮᠤᠢ ᠡᠴᠡ ᠵᠠᠢ᠌ᠳᠠᠵᠤ

ᠰᠠᠪᠠ ᠭᠦᠨᠦᠭ᠌

ᠲᠤᠰᠤ ᠦᠷᠦᠮ᠎ᠡ ᠪᠠᠨ ᠥᠭᠡᠢ᠌ᠯᠡᠵᠤ

ᠭᠤᠠᠳᠠᠨ᠎ᠠ

ᠮᠠᠯ ᠤᠨ ᠮᠦᠷ ᠴᠥᠭᠡᠷᠡᠯ᠎ᠡ

ᠮᠥᠭᠡᠷᠡᠭᠦ ᠳᠠᠭᠤᠨ ᠨᠢ

ᠮᠠᠰᠢᠨ ᠳᠤ ᠳᠡᠭᠡᠭᠡᠭ᠍ᠳᠡᠵᠤ

ᠠᠯᠤᠰᠷᠠᠨ᠎ᠠ

ᠮᠢᠨᠤ ᠵᠢᠷᠦᠭᠡ ᠵᠢᠮ ᠶᠢᠡᠨ ᠠᠯᠳᠠᠨ

ᠵᠢᠩᠳᠡᠭᠦᠷᠡᠨ᠎ᠡ

ᠠᠪᠣ ᠶᠢᠨ ᠮᠢᠨᠢ

ᠠᠷᠤ ᠶᠢᠨ ᠭᠦᠯᠦᠰᠤ ᠪᠠᠷ

ᠪᠠᠭᠢᠵᠢᠵᠤ

ᠡᠵᠢ ᠶᠢᠨ ᠮᠢᠨᠢ

ᠡᠪᠠᠷᠰᠢᠭ᠍ᠰᠡᠨ ᠭᠠᠷ ᠲᠤ

ᠰᠢᠯᠡᠷᠡᠭ᠍ᠰᠡᠨ

ᠠᠷᠤᠭ ᠰᠠᠪᠠᠷ ᠬᠤᠶᠠᠷ

ᠲᠡᠳᠬᠦᠪᠦᠷᠢ ᠳᠤ ᠭᠠᠷᠤᠯ᠎ᠠ

ᠠᠷᠭᠠᠯ ᠤᠨ ᠴᠡᠩᠭᠡᠷ

ᠣᠳᠤᠭ᠎ᠠ ᠪᠠᠷ ᠶᠢᠡᠷ ᠶᠢᠡᠨ

ᠥᠨᠡᠭᠡᠨ ᠬᠠᠷᠠᠩᠭ᠋ᠤᠢ ᠶᠢ

ᠦᠯᠳᠠᠵᠤ

ᠨᠠᠷᠠᠨ ᠤ ᠠᠯᠳᠠᠨ ᠰᠠᠴᠤᠷᠠᠭ ᠶᠢᠡᠷ

ᠴᠠᠩ ᠰᠢᠭᠦᠳᠡᠷᠢ ᠪᠠᠨ

ᠡᠭ᠍ᠰᠢᠭᠡᠳᠡᠭ᠌

ᠮᠠᠯᠴᠢᠨ ᠠᠢ᠌ᠯ ᠤᠨ

ᠮᠤᠩᠭ᠋ᠤᠯ ᠬᠤᠯᠠᠩ

ᠨᠡᠭᠦᠷᠡᠰᠤᠨ ᠣᠳᠤᠭ᠎ᠠ ᠪᠠᠷ

ᠭᠦᠴᠢᠷᠳᠡᠢ᠌ᠭᠡᠨ ᠠᠮᠢᠰᠬᠤᠨ᠎ᠠ

ᠭᠠᠩ ᠤᠨ ᠣᠯᠠᠭᠠᠨ

ᠨᠠᠷᠠ ᠬᠠᠷᠠᠵᠤ

ᠬᠠᠭᠤᠷᠮᠠᠭ ᠴᠠᠭᠠᠨ ᠡᠭᠦᠯᠡ

ᠰᠢᠷᠪᠢᠨ

ᠰᠠᠯᠭᠢ ᠳᠠᠭᠠᠵᠤ ᠳᠡᠷᠪᠠᠭ᠍ᠰᠡᠨ

ᠰᠢᠷ᠎ᠠ ᠰᠢᠭᠤᠷᠭᠠᠨ

ᠳᠤᠮᠳᠠᠭᠤᠷ

ᠮᠢᠨᠤ ᠮᠠᠯᠴᠢᠨ ᠠᠪᠣ

ᠮᠠᠯ ᠤᠨ ᠶᠢᠡᠨ

ᠴᠥᠭᠡᠪᠦᠷᠢ ᠮᠦᠷ

ᠣᠩᠰᠢᠵᠤ

ᠮᠠᠷᠭᠠᠰᠢ ᠶᠢᠨ ᠶᠢᠡᠨ ᠳᠦᠯᠦᠭᠡ

ᠮᠠᠬᠠᠷᠠᠨ ᠵᠢᠦᠡᠭᠦᠵᠤ

ᠭᠦᠯᠦᠷᠡᠨ᠎ᠡ᠁

ᠠᠢ ᠳ᠋ᠠ ︕

ᠠᠢ᠌ᠯ ᠡᠴᠡ

ᠠᠷᠭᠠᠯ ᠬᠤᠯᠠᠳᠠᠯ᠎ᠠ᠁


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2009 ᠤᠨ ᠤ 12 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ