ᠨᠡᠪᠲᠡᠷᠡᠨ ᠤᠷᠤᠬᠤ
ᠴᠠᠮᠴᠠᠨ ᠳᠤ ᠱᠠᠬᠠᠢ ᠳᠤᠭᠢᠷᠠᠳᠠᠭ ᠥᠭᠡᠢ

ᠦᠷᠯᠦᠭᠡᠨ ᠤ ᠦᠨᠡᠰᠤ ᠪᠠᠨ ᠵᠡᠭᠦᠡᠰᠢ ᠬᠠᠶᠠᠳᠠᠭ ᠥᠭᠡᠢ

ᠦᠳᠡᠰᠢ ᠶᠢᠨ ᠬᠤᠭ ᠶᠢᠡᠨ ᠪᠠᠷᠠᠭᠤᠠᠰᠢ ᠴᠢᠤᠠᠬᠤᠳᠠᠭ ᠥᠭᠡᠢ

ᠡᠳᠦᠷ ᠤᠨ ᠨᠠᠷᠠᠨ ᠳᠤ ᠪᠠᠨ ᠊ᠭ᠍‍ᠬᠢᠷ ᠭᠦᠷᠭᠡᠳᠡᠭ᠌ ᠥᠭᠡᠢ

ᠥᠳᠡᠯᠦᠭᠡ ᠡᠵᠢ ᠶᠢᠨ ᠰᠡᠳᠭᠢᠯ ᠳᠤ ᠥ ᠥᠭᠡᠢ

ᠭᠦᠭᠡᠮᠡᠢ ᠳᠠᠭᠤᠯᠠᠬᠤ ᠳᠤ ᠭᠦᠭ᠍ᠵᠢᠮ ᠵᠠᠷᠤᠳᠠᠭ ᠥᠭᠡᠢ

ᠭᠦᠭᠡ ᠴᠠᠢ᠌ᠨ ᠳᠤ ᠨᠤᠭᠤᠭ᠎ᠠ ᠵᠠᠭᠤᠳᠠᠭ ᠥᠭᠡᠢ

ᠭᠦᠳᠦᠰᠤᠨ ᠳᠠᠪᠠᠯ ᠳᠤ ᠥᠩᠭᠡ ᠳᠠᠳᠠᠳᠠᠭ ᠦᠭᠡᠶ

ᠭᠦᠮᠤᠨ ᠤ ᠰᠦᠷᠦᠭ᠌ ᠲᠤ ᠣᠷᠭ᠎ᠠ ᠬᠠᠶᠠᠳᠠᠭ ᠥᠭᠡᠢ

ᠨᠠᠷᠢᠮᠤᠨ ᠰᠢᠩᠭᠡᠨ ᠳᠤ ᠳᠠᠪᠣᠰᠤ ᠭᠢᠳᠡᠭ᠌ ᠦᠭᠡᠶ

ᠨᠠᠪᠴᠢᠨ ᠳᠠᠮᠠᠭᠢᠨ ᠳᠤ ᠭᠦᠭᠦᠷ ᠭᠡᠷᠡᠭᠯᠡᠳᠡᠭ᠌ ᠥᠭᠡᠢ

ᠨᠠᠢ᠌ᠷ ᠤᠨ ᠰᠢᠷᠡᠭᠡᠨ ᠳᠤ ᠳᠠᠭᠤᠤ ᠳᠤᠳᠠᠳᠠᠭ ᠦᠭᠡᠶ

ᠨᠠᠢ᠌ᠵᠠ ᠶᠢᠨ ᠭᠡᠦᠭᠡᠨ ᠳᠤ ᠳᠤᠷᠠᠯᠠᠯ ᠡᠭᠦᠰᠳᠡᠭ᠌ ᠥᠭᠡᠢ


ᠦᠵᠦᠮᠤᠴᠢᠨ ᠪᠦᠭᠡᠴᠦᠳ ᠪᠠᠭᠤᠵᠤ ᠥᠭ᠍ᠳᠡᠭ᠌ ᠥᠭᠡᠢ

ᠦᠷᠤᠮ᠎ᠠ ᠲᠡᠶ ᠬᠤᠭᠤᠯᠠᠨ ᠳᠤ ᠪᠣᠷᠠᠮ ᠭᠢᠳᠡᠭ᠌ ᠥᠭᠡᠢ

ᠦᠨᠦᠴᠢᠨ ᠰᠠᠮᠵᠠᠨ ᠳᠤ ᠦᠯᠢᠭᠡᠷ ᠪᠠᠢ᠌ᠳᠠᠭ ᠥᠭᠡᠢ

ᠦᠨᠳᠦᠷ ᠴᠠᠮᠴᠠᠨ ᠳᠤ ᠱᠠᠬᠠᠢ ᠳᠤᠭᠢᠷᠠᠳᠠᠭ ᠥᠭᠡᠢ

ᠡᠷ᠎ᠡ ᠭᠦᠮᠤᠨ ᠵᠤᠷᠢᠭ ᠲᠡᠶ ᠪᠣᠯ

ᠡᠮᠡᠭᠡᠯ ᠳᠡᠭᠡᠷ᠎ᠡ ᠪᠠᠨ ᠨᠢᠯᠪᠣᠰᠤ ᠣᠨᠠᠭᠠᠳᠠᠭ ᠥᠭᠡᠢ

ᠡᠮ᠎ᠡ ᠭᠦᠮᠤᠨ ᠵᠢᠷᠤᠮ ᠲᠡᠶ ᠪᠣᠯ

ᠡᠩᠭᠡᠷ ᠤᠨ ᠳᠤᠪᠴᠢ ᠪᠠᠨ ᠰᠤᠯᠠ ᠳᠠᠯᠪᠢᠳᠠᠭ ᠥᠭᠡᠢ


ᠡᠷᠡᠭᠡᠢ ᠬᠤᠷᠤᠭᠤ ᠡᠷᠳᠡᠮ ᠲᠡᠶ ᠪᠣᠯ

ᠡᠪ ᠤᠨ ᠨᠢᠳᠤᠷᠭ᠎ᠠ ᠡᠭᠦᠷᠢ ᠰᠤᠯᠠᠷᠠᠳᠠᠭ ᠥᠭᠡᠢ

ᠡᠷᠦᠭᠡᠨ ᠣᠭᠤᠰᠤᠷ ᠡᠷᠴᠢᠮ ᠲᠡᠶ ᠪᠣᠯ

ᠡᠪᠦᠯ ᠤᠨ ᠰᠢᠭᠤᠷᠭ᠎ᠠ ᠶᠠᠭᠠᠭᠢᠵᠤ ᠴᠤ ᠴᠢᠳᠠᠳᠠᠭ ᠦᠭᠡᠶ᠁


ᠵᠤᠬᠢᠶᠠᠭᠴᠢ ᠶᠢᠨ ᠬᠠᠶ‍ᠢᠭ᠄ ᠣᠯᠠᠭᠠᠨ ᠬᠠᠳᠠ ᠬᠤᠳᠠ ᠶᠢᠨ ᠪᠠᠭᠠᠷᠢᠨ ᠵᠡᠭᠦᠨ ᠬᠤᠰᠢᠭᠤᠨ ᠤ ᠪᠠᠶᠠᠨ ᠠᠭᠤᠯᠠ ᠪᠠᠭ᠎ᠠ ᠰᠤᠷᠭᠠᠭᠤᠯᠢ

ᠵᠤᠬᠢᠶᠠᠭᠴᠢ᠄ ᠴᠢᠯᠠᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2010 ᠤᠨ ᠤ 07 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ