☆ ᠨᠠᠮᠵᠢᠯ ᠤᠨ ᠮᠥᠩᠭᠡᠪᠠᠶᠡᠷ
ᠦᠨᠦᠰᠦᠭᠡᠴᠢ ᠨᠠᠮ᠎ᠠ ᠵᠢ
ᠰᠢᠯᠦᠭ᠌ ᠢ ᠮᠢᠨᠢ ᠬᠠᠢ᠌ᠷᠠᠯᠠᠳᠠᠭ ᠰᠢᠭ ᠵᠢᠠᠨ
ᠨᠠᠮ᠎ᠠ ᠶᠢ ᠬᠠᠢ᠌ᠷᠠᠯᠠᠭᠠᠴᠢ ᠪᠦᠰᠡᠭᠦᠢ ᠳᠠ
ᠬᠠᠳᠠᠭᠤ ᠥᠭᠡ ᠢᠳᠡᠭᠦᠯᠵᠤ
ᠬᠠᠯᠠᠢ᠌ᠵᠤ ᠬᠠᠷᠠᠬᠤ ᠶᠢᠨ ᠶᠢᠡᠨ ᠬᠤᠭᠤᠷᠤᠠᠳᠤ
ᠢᠨᠠᠭ ᠤᠨ ᠰᠢᠪᠠᠨᠡᠭᠡ ᠱᠠᠩᠨᠠᠵᠤ
ᠣᠷᠤᠭᠤᠯ ᠳᠡᠭᠡᠷ᠎ᠡ ᠮᠢᠨᠢ ᠥᠨᠦᠰᠦᠭᠡᠴᠢ
ᠰᠢᠯᠦᠭ᠌ ᠢ ᠮᠢᠨᠢ ᠣᠩᠰᠢᠳᠠᠭ ᠰᠢᠭ ᠵᠢᠠᠨ
ᠨᠠᠮ᠎ᠠ ᠶᠢ ᠣᠩᠰᠢᠭᠠᠴᠢ ᠪᠦᠰᠡᠭᠦᠢ ᠳᠠ
ᠨᠠᠷᠠᠳᠤ ᠶᠢᠨ ᠠᠮᠢᠳᠤᠷᠠᠯ ᠶᠢᠡᠨ ᠬᠠᠶᠠᠵᠤ
ᠨᠠᠢ᠌ᠷᠠᠭᠴᠢ ᠴᠢᠨᠢ ᠬᠠᠯᠢᠬᠤ ᠡᠴᠡ ᠡᠮᠦᠨ᠎ᠡ
ᠦᠨᠡᠨ ᠬᠠᠢ᠌ᠷ᠎ᠠ ᠳᠤ ᠪᠠᠨ ᠢᠪᠠᠭᠡᠵᠤ
ᠡᠯᠢᠭᠡᠨ ᠳᠤ ᠪᠠᠨ ᠳᠠᠪᠠᠷᠢᠵᠤ ᠥᠨᠦᠰᠦᠭᠡᠴᠢ
《ᠭᠢᠯᠢᠴᠢᠳ》 2009.4
ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3335
ᠴᠠᠭ᠄ 2009 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ