☆ ᠨᠠ᠊·ᠬᠦᠬᠡᠰᠢᠭᠤᠢ
ᠮᠤᠩᠭᠤᠯ ᠤᠨ ᠲᠠᠷᠢᠶ᠎ᠠ
ᠮᠤᠩᠭ᠋ᠤᠯ ᠤᠨ ᠳᠠᠷᠢᠶ᠎ᠠ ᠊᠊᠊᠊᠊᠊᠊᠊᠊᠊᠊᠊᠊᠊᠊
ᠴᠢᠭᠢᠭ᠌ ᠦᠭᠡᠶ ᠰᠢᠷᠤᠢ ᠳᠤ ᠪᠣᠯᠠᠭᠰᠠᠨ ᠦᠷ᠎ᠡ
ᠴᠢᠭᠢ ᠦᠭᠡᠶ ᠳᠠᠷᠢᠶᠠᠨ ᠳᠤ ᠪᠠᠭᠤᠭᠰᠠᠨ ᠬᠤᠷ᠎ᠠ
ᠴᠢᠮᠦᠭᠡ ᠦᠭᠡᠶ ᠪᠣᠳᠠᠭᠠᠨ ᠳᠤ ᠣᠷᠤᠭᠰᠠᠨ ᠬᠠᠳᠤᠭᠤᠷ
ᠴᠢᠮᠡᠭᠡ ᠦᠭᠡᠶ ᠭᠦᠯᠦᠰᠤᠨ ᠳᠤ ᠳᠡᠪᠳᠦᠭ᠍ᠰᠡᠨ ᠠᠯᠴᠢᠭᠤᠷ
ᠮᠤᠩᠭ᠋ᠤᠯ ᠤᠨ ᠳᠠᠷᠢᠶ᠎ᠠ ᠊᠊᠊᠊᠊᠊᠊᠊᠊᠊᠊᠊᠊᠊᠊
ᠣᠪᠣᠭᠠᠨ ᠤ ᠡᠮᠦᠨ᠎ᠡ ᠰᠥᠭᠦᠳᠦᠭ᠍ᠰᠡᠨ ᠭᠦᠯ
ᠣᠰᠤᠨ ᠤ ᠳᠤᠮᠳᠠ ᠰᠢᠭᠦᠷᠡᠭ᠍ᠰᠡᠨ ᠭᠠᠷ
ᠣᠯᠠ ᠳᠤ ᠪᠠᠭᠤᠭᠰᠠᠨ ᠣᠷᠤᠢ ᠶᠢᠨ ᠭᠦᠯᠦᠰᠤ
ᠣᠷᠤᠢ ᠳᠤ ᠨᠠᠭᠠᠯᠳᠤᠭᠰᠠᠨ ᠣᠯᠠ ᠶᠢᠨ ᠳᠤᠭᠤᠰᠤ
ᠮᠤᠩᠭ᠋ᠤᠯ ᠤᠨ ᠳᠠᠷᠢᠶ᠎ᠠ ᠊᠊᠊᠊᠊᠊᠊᠊᠊᠊᠊᠊᠊᠊᠊
ᠣᠷᠳᠤ ᠶᠢᠨ ᠣᠷᠳᠤ ᠰᠤᠨᠤᠯᠵᠠᠭᠰᠠᠨ ᠵᠢᠷᠤᠬ᠎ᠠ
ᠣᠷᠳᠤ ᠶᠢᠨ ᠣᠷᠳᠤ ᠠᠯᠳᠠᠭᠰᠠᠨ ᠰᠡᠭᠦᠷᠡᠰᠤ
ᠣᠨ ᠣᠨ ᠤ ᠭᠠᠩᠳᠠᠯ ᠣᠰᠤᠳᠤᠯ
ᠣᠯᠠᠨ ᠣᠯᠠᠨ ᠬᠠᠢ᠌ᠷ᠎ᠠ ᠬᠤᠷᠤᠰᠤᠯ
ᠮᠤᠩᠭ᠋ᠤᠯ ᠤᠨ ᠳᠠᠷᠢᠶ᠎ᠠ ᠊᠊᠊᠊᠊᠊᠊᠊᠊᠊᠊᠊᠊᠊᠊
ᠨᠠᠷᠠᠨ ᠤ ᠭᠡᠷᠡᠯ ᠳᠤ ᠬᠠᠷᠠᠯᠠᠭᠰᠠᠨ ᠦᠳᠦᠷᠮ᠎ᠠ
ᠰᠠᠷᠠᠨ ᠤ ᠳᠤᠶᠠᠭᠠᠨ ᠳᠤ ᠬᠠᠳᠠᠭᠰᠠᠨ ᠰᠡᠭᠦᠳᠡᠷ
ᠨᠠᠮᠤᠷ ᠨᠠᠮᠤᠷ ᠤᠨ ᠡᠴᠡᠩᠭᠡᠢ ᠣᠶᠠᠩᠭ᠋᠎ᠠ
ᠨᠠᠮᠢ᠋ᠢ ᠴᠢᠮᠢ᠋ᠢ ᠣᠶᠠᠷᠠᠭᠤᠯᠤᠭᠰᠠᠨ ᠳᠠᠭᠤᠤ᠃
ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄
ᠰᠢᠯᠦᠭᠳᠠᠷᠤᠮ᠄ 2963
ᠴᠠᠭ᠄ 2005 ᠤᠨ ᠤ 06 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ