ᠨᠡᠪᠲᠡᠷᠡᠨ ᠤᠷᠤᠬᠤ
ᠪᠠᠶᠠᠨ ᠰᠦᠮᠪᠦᠷ ᠮᠢᠨᠢ

ᠣᠨᠠᠭᠰᠠᠨ ᠰᠢᠷᠤᠢ ᠠᠯᠳᠠ ᠣᠤᠭᠤᠭᠰᠠᠨ ᠣᠰᠤ ᠷᠠᠰᠢᠶᠠᠨ ᠭᠡᠳᠡᠭ᠌ ᠶᠢᠡᠷ ᠦᠰᠴᠦ ᠳᠦᠷᠦᠭ᠍ᠰᠡᠨ ᠦᠯᠦᠭᠡᠢ ᠨᠤᠳᠤᠭ ᠪᠠᠶᠠᠨ ᠰᠦᠮᠪᠦᠷ ᠪᠠᠭ᠎ᠠ ᠶᠢᠨ ᠦᠶ᠎ᠡ ᠶᠢᠨ ᠪᠠᠶᠠᠷ ᠳᠤᠷᠠᠰᠤᠯ ᠲᠡᠶ ᠮᠢᠨᠢ ᠬᠠᠮᠳᠤ ᠦᠷᠤᠴᠠ ᠴᠡᠭᠡᠵᠢᠨ ᠳᠤ ᠦᠨᠢᠳᠠ ᠬᠠᠳᠠᠩᠰᠢᠭᠰᠠᠨ ᠶᠤᠮ᠃

ᠡᠭᠡ ᠶᠢᠨ ᠭᠡᠪᠠᠯᠢ ᠡᠴᠡ ᠵᠤᠯᠠᠢ ᠵᠤᠯᠠᠢ ᠪᠠᠨ ᠭᠢᠰᠭᠢᠵᠤ ᠳᠦᠷᠦᠭ᠍ᠰᠡᠨ ᠪᠢᠳᠠ ᠠᠬ᠎ᠠ ᠳᠡᠭᠦᠤ ᠳᠦᠷᠪᠠᠭᠦᠯᠡ ᠡᠨᠡ ᠨᠤᠳᠤᠭ ᠤᠨ ᠳᠤᠷᠭᠠᠨ ᠭᠦᠷᠦᠰᠤᠨ ᠳᠤ ᠭᠦᠮᠤᠨ ᠪᠣᠯᠤᠨ ᠵᠠᠶᠠᠭᠠᠵᠤ ᠭᠦᠪᠴᠢ ᠬᠠᠩᠭ᠋ᠠᠢ ᠳᠤ ᠵᠠᠢ ᠡᠵᠡᠯᠡᠭᠦ ᠳᠤ ᠡᠨᠡ ᠨᠤᠳᠤᠭ ᠤᠨ ᠴᠡᠩᠭᠡᠭ᠌ ᠠᠭᠠᠷ ᠨᠢ ᠪᠢᠳᠠᠨ ᠳᠤ ᠠᠯᠳᠠᠨ ᠳᠡᠯᠡᠭᠡᠢ ᠶᠢᠨ ᠠᠩᠬᠠᠨ ᠤ ᠠᠮᠢᠰᠬᠤᠭ᠎ᠠ ᠶᠢ ᠰᠤᠶᠤᠷᠬᠠᠭᠰᠠᠨ ᠪᠣᠯᠬᠤᠷ ᠪᠠᠶᠠᠨ ᠳᠠᠩᠰᠤᠭ ᠪᠠᠶᠠᠨ ᠰᠦᠮᠪᠦᠷ ᠲᠡᠭᠡᠨ ᠪᠢᠳᠠ ᠣᠠᠴᠠ ᠶᠢᠨ ᠬᠠᠢ᠌ᠷᠠᠳᠠᠢ ᠪᠠᠢ᠌ᠳᠠᠭ ᠶᠤᠮ᠂ ᠣᠤᠭᠠᠯ ᠨᠤᠳᠤᠭ ᠶᠢᠡᠨ ᠭᠡᠵᠤ ᠰᠠᠨᠠᠵᠤ ᠶᠠᠪᠣᠳᠠᠭ ᠶᠤᠮ᠂ ᠳᠤᠷᠠᠰᠴᠤ ᠶᠠᠪᠣᠳᠠᠭ ᠶᠤᠮ᠃

ᠪᠠᠶᠠᠨ ᠰᠦᠮᠪᠦᠷ ᠭᠡᠵᠤ ᠪᠠᠯᠠᠷ ᠮᠠᠩᠬ᠎ᠠ ᠲᠡᠶ᠂ ᠳᠦᠭᠦᠮ ᠳᠠᠯᠠᠩ ᠲᠡᠶ᠂ ᠰᠢᠪᠠᠭ ᠪᠣᠷᠤᠯᠵᠢ ᠢᠭᠴᠤᠷᠠᠨ ᠣᠷᠭᠤᠵᠤ ᠵᠠᠮ ᠨᠡᠪᠳᠡᠷᠡᠯᠭᠡ ᠳᠦᠭᠦᠮ ᠦᠭᠡᠶ᠂ ᠠᠢ᠌ᠯ ᠡᠷᠦᠭᠡ ᠳᠠᠷᠬᠠᠢ ᠪᠣᠳᠠᠷᠬᠠᠢ ᠰᠠᠭᠤᠷᠢᠰᠢᠭᠰᠠᠨ ᠪᠣᠢ᠌ᠳᠠ ᠪᠦᠭᠯᠡᠭᠦᠤ ᠭᠦᠳᠡᠭᠡ ᠪᠠᠢ᠌ᠭᠰᠠᠨ ᠶᠤᠮ᠃ ᠭᠡᠪᠠᠴᠤ ᠡᠨᠡ ᠨᠤᠳᠤᠭ ᠤᠨ ᠭᠦᠷᠦᠰᠤ ᠰᠢᠷᠤᠢ ᠡᠨᠡᠭᠡᠨ ᠪᠠᠶ᠎ᠠ ᠶᠢ ᠮᠢᠨᠢ ᠦᠯᠦᠭᠡᠢ᠌ᠳᠡᠵᠤ ᠠᠪᠣᠭᠰᠠᠨ ᠡᠴᠡ ᠣᠷᠭᠤᠬᠤ ᠨᠠᠷᠠ ᠰᠢᠭ ᠨᠠᠰᠤ ᠪᠠᠨ ᠡ᠊ᠨᠳᠡ ᠢᠯᠡᠭᠡᠵᠤ ᠣᠨᠠᠭᠠᠨ ᠪᠠᠭ᠎ᠠ ᠶᠢᠨ ᠳᠤᠷᠠᠰᠤᠯ ᠶᠢᠡᠨ ᠡᠨᠡ ᠨᠤᠳᠤᠭ ᠲᠤ ᠦᠯᠡᠳᠡᠭᠡᠵᠤ ᠶᠠᠪᠣᠭᠰᠠᠨ ᠮᠢᠨᠢ ᠡᠭᠡᠭᠡ ᠯᠠ ᠦᠴᠦᠭᠡᠳᠦᠷᠭᠡᠨ ᠰᠢᠭ᠌ ᠰᠠᠨᠠᠭᠳᠠᠬᠤ ᠶᠤᠮ᠃

ᠪᠠᠷᠠᠭᠤᠨ ᠭᠦᠳᠦᠯ ᠤᠨ ᠴᠠᠭᠠᠨᠠᠭᠢ ᠪᠠᠷᠢᠭᠠᠳᠠ ᠶᠢᠨ ᠰᠤᠷᠭᠠᠭᠤᠯᠢ ᠳᠤ ᠰᠠᠭᠤᠬᠤ ᠶᠢ ᠳᠤᠷᠠᠯᠠᠵᠤ ᠪᠠᠭᠰᠢ ᠪᠠᠢ᠌ᠭᠰᠠᠨ ᠠᠪᠣ ᠪᠠᠨ ᠪᠠᠷᠠᠯᠠᠭᠰᠠᠭᠠᠷ ᠬᠤᠴᠤᠷᠳᠠᠭ ᠪᠠᠭ᠎ᠠ ᠨᠠᠰᠤ ᠮᠢᠨᠢ ᠪᠠᠶᠠᠨ ᠰᠦᠮᠪᠦᠷ ᠲᠤ ᠪᠠᠢ᠌ᠭᠰᠠᠨ ᠶᠤᠮ᠃ ᠡᠮᠡᠭᠡ ᠶᠢᠨ ᠠᠪᠴᠤ ᠦᠭ‍ᠭᠦᠭ᠍ᠰᠡᠨ ᠬᠠᠷᠠᠠᠳᠠ ᠳᠠᠰᠬᠠᠯ ᠶᠢᠡᠨ ᠡᠵᠢ ᠶᠢᠨ ᠣᠶᠤᠵᠤ ᠮᠦᠷᠦᠯᠡᠭᠦᠯᠦᠭ᠍ᠰᠡᠨ ᠡᠷᠢᠶᠡᠨ ᠠᠯᠠᠭ ᠪᠣᠭᠴᠤᠨ ᠳᠠᠭᠠᠨ ᠰᠠᠪᠠᠯᠠᠵᠤ ᠳᠤᠯᠤᠭᠠᠨ ᠨᠠᠰᠤ ᠲᠡᠶ ᠳᠠᠷᠠ ᠵᠢᠯ ᠤᠨ ᠳᠠᠩᠰᠤᠭ ᠨᠠᠮᠤᠷ ᠪᠢ ᠠᠷᠠᠤᠨ ᠤᠨ ᠰᠤᠷᠭᠠᠭᠤᠯᠢ ᠶᠢᠨ ᠠᠯᠳᠠᠨ ᠪᠣᠱᠤᠭ᠎ᠠ ᠶᠢ ᠠᠯᠬᠤᠵᠤ᠂ ᠡᠨ ᠥᠰᠦᠭ᠌ ᠠᠷᠠᠪ ᠳᠤᠭ᠎ᠠ ᠶᠢ ᠡᠨᠡ ᠨᠤᠳᠤᠭ ᠲᠤ ᠠᠩᠬᠠᠯᠠᠵᠤ ᠳᠠᠨᠢᠭᠰᠠᠨ ᠶᠤᠮ᠂ ᠠᠴᠢᠳᠤ ᠪᠠᠭᠰᠢ ᠶᠢᠨ ᠠᠷᠢᠭᠤᠨ ᠰᠤᠷᠭᠠᠯ ᠢ ᠡᠨᠡ ᠨᠤᠳᠤᠭ ᠲᠤ ᠰᠤᠨᠤᠰᠴᠤ ᠴᠡᠭᠡᠵᠢᠯᠡᠭ᠍ᠰᠡᠨ ᠶᠤᠮ᠃

ᠪᠠᠶᠠᠨ ᠰᠦᠮᠪᠦᠷ ᠭᠡᠵᠤ ᠪᠠᠭ᠎ᠠ ᠶᠢᠨ ᠦᠶ᠎ᠡ ᠶᠢᠨ ᠮᠢᠨᠢ ᠣᠢ ᠳᠤᠢ ᠳᠤ ᠪᠠᠬᠠᠷᠤᠮ᠎ᠠ ᠰᠠᠢ᠌ᠬᠠᠨ ᠨᠤᠳᠤᠭ ᠪᠠᠢ᠌ᠭᠰᠠᠨ ᠶᠤᠮ᠃ ᠡᠮᠤᠨ᠎ᠡ ᠵᠠᠬ᠎ᠠ ᠪᠠᠷ ᠨᠢ ᠭᠦᠡᠳᠡᠢ ᠶᠢᠨ ᠭᠤᠤᠯ ᠭᠡᠵᠤ ᠵᠠᠷᠢᠮ ᠳᠠᠭᠠᠨ ᠦᠶᠡᠷᠯᠠᠵᠤ ᠵᠠᠷᠢᠮ ᠳᠠᠭᠠᠨ ᠬᠠᠳᠠᠴᠢᠬᠠᠳᠠᠭ ᠦᠷᠭᠡᠨ ᠭᠤᠤᠯ ᠭᠦᠡᠳᠡᠯᠢᠰᠢᠵᠤ᠂ ᠭᠤᠤᠯ ᠤᠨ ᠵᠡᠭᠦᠨ ᠳᠠᠠᠵᠢᠨ ᠳᠤ ᠮᠠᠨᠠᠢ᠌ᠭᠢᠨ ᠭᠡᠵᠤ ᠭᠠᠭᠴᠠ ᠠᠢ᠌ᠯ ᠭᠠᠯ ᠳᠤᠭᠤᠭ᠎ᠠ ᠭᠦᠳᠡᠯᠭᠡᠭᠡᠵᠤ ᠨᠡᠭᠦᠳᠡᠯ ᠣᠳᠤᠷ ᠦᠭᠡᠶ ᠪᠠᠷ ᠭᠡᠳᠤᠨ ᠠᠷᠪᠠᠨ ᠵᠢᠯ ᠨᠤᠳᠤᠭ ᠮᠠᠨᠠᠵᠤ ᠰᠠᠭᠤᠭᠰᠠᠨ ᠳᠡᠦᠭᠡ ᠲᠡᠶ᠃ ᠠᠢ᠌ᠮᠠᠭ ᠵᠡᠷᠭᠡᠯᠡᠳᠡᠭᠡ ᠠᠰᠢᠭᠦᠢ ᠬᠤᠯᠠ ᠪᠠᠢ᠌ᠭᠰᠠᠨ ᠤ ᠬᠠᠷᠠᠭ᠎ᠠ ᠪᠠᠷ ᠠᠢ᠌ᠯ ᠤᠨ ᠬᠡᠦᠬᠡᠳ ᠲᠡᠶ ᠡᠳᠦᠷᠵᠢᠨ ᠳᠤᠭᠯᠠᠬᠤ ᠵᠠᠪᠰᠢᠶᠠᠨ ᠳᠠᠩᠴᠤ ᠬᠤᠮᠰᠠᠳᠠᠭᠰᠠᠨ ᠴᠤ ᠪᠢᠳᠠ ᠠᠬ᠎ᠠ ᠳᠡᠭᠦᠤ ᠭᠡᠳᠦᠭᠦᠯᠡ ᠪᠠᠨ ᠪᠣᠷᠭᠠᠰᠤᠨ ᠮᠤᠷᠢ ᠪᠠᠨ ᠣᠨᠤᠴᠢᠬᠠᠭᠠᠤᠨ ᠪᠣᠷᠤ ᠳᠠᠯᠠᠩ᠂ ᠬᠠᠳᠠᠩᠬᠠᠢ ᠶᠢᠨ ᠴᠠᠢ᠌ᠳᠠᠮ ᠭᠡᠵᠤ ᠳᠤᠭᠣᠢ᠌ᠯᠠᠵᠤ ᠳᠤᠭᠤᠷᠢᠭᠰᠠᠨ ᠪᠠᠯᠴᠢᠭᠡᠷ ᠳᠡᠭᠡᠷ᠎ᠡ ᠪᠠᠨ ᠪᠣᠳᠠᠩ ᠬᠤᠢ ᠳᠠᠳᠠᠭᠤᠯᠤᠨ ᠲᠤᠢ᠌ᠯᠠᠭᠤᠯᠵᠤ ᠳᠠᠪᠭᠢᠭᠤᠯᠵᠤ ᠥᠰᠦᠭ᠍ᠰᠡᠨ ᠶᠤᠮ᠃ ᠢᠩᠭᠢᠭᠦ ᠳᠤ ᠪᠠᠶᠠᠨ ᠰᠦᠮᠪᠦᠷ ᠮᠢᠨᠢ ᠪᠢᠳᠠᠨ ᠳᠤ ᠪᠠᠨ ᠬᠠᠮᠤᠭ ᠡᠴᠡ ᠡᠭᠡᠯᠢᠳᠡᠢ᠂ ᠬᠠᠮᠤᠭ ᠡᠴᠡ ᠳᠤᠯᠠᠭᠠᠨ᠂ ᠬᠠᠮᠤᠭ ᠡᠴᠡ ᠳᠤᠳᠤᠨᠤ ᠪᠠᠢ᠌ᠭᠰᠠᠨ ᠶᠤᠮ᠃ ᠪᠠᠶᠠᠨ ᠰᠦᠮᠪᠦᠷ ᠤᠨ ᠡᠯᠡᠰᠤ ᠰᠢᠷᠤᠢ ᠨᠢ ᠴᠤ ᠬᠡᠦᠬᠡᠳ ᠦᠶ᠎ᠡ ᠶᠢᠨ ᠮᠢᠨᠢ ᠨᠥᠭᠦᠭᠡᠰᠤ ᠲᠡᠶ ᠦᠮᠦᠳᠦᠨ ᠳᠡᠭᠡᠷ᠎ᠡ ᠠᠭᠠᠯᠢᠭᠦᠢ᠌ᠳᠡᠨ ᠨᠠᠭᠠᠯᠳᠤᠵᠤ᠂ ᠭᠤᠳᠤᠯ ᠤᠨ ᠴᠤᠭᠤᠷᠬᠠᠢ ᠪᠠᠷ ᠰᠢᠷᠭᠤᠵᠤ ᠣᠷᠤᠭᠠᠤᠨ ᠣᠢ᠌ᠮᠤᠰᠤ ᠦᠭᠡᠶ ᠨᠢᠴᠦᠭᠦᠨ ᠭᠦᠯ ᠢ ᠮᠢᠨᠢ ᠭᠡᠳᠡᠭᠡᠯᠡᠳᠡᠭ᠌ ᠴᠤ ᠪᠠᠢ᠌ᠯ᠎ᠠ ᠁

ᠨᠢᠭᠡ ᠮᠡᠳᠡᠭᠦ ᠳᠤ ᠪᠢᠳᠠ ᠴᠢᠨᠢ ᠨᠢᠭᠡ ᠨᠢᠭᠡ ᠪᠠᠷ ᠶᠢᠡᠨ ᠰᠤᠷᠭᠠᠭᠤᠯᠢ ᠰᠤᠶᠤᠯ ᠤᠨ ᠮᠦᠷ ᠢ ᠭᠦᠭᠡᠭᠡᠵᠤ ᠨᠤᠳᠤᠭ ᠡᠴᠡ ᠪᠠᠨ ᠵᠠᠢ᠌ᠳᠠᠭᠠᠤᠨ ᠶᠠᠪᠣᠴᠢᠬᠠᠭᠰᠠᠨ ᠪᠠᠢ᠌ᠪᠠ᠃ ᠨᠠᠩ ᠰᠡᠭᠦᠯᠡᠷ ᠨᠢ ᠠᠵᠢᠯ ᠠᠯᠪᠠ ᠠᠢ᠌ᠯ ᠪᠦᠯᠢ ᠭᠡᠳ ᠠᠰ ᠠᠰ ᠲᠠᠭᠠᠨ ᠭᠠᠷᠬᠤ ᠳᠤ ᠠᠩᠭ᠎ᠠ ᠨᠠᠰᠤᠨ ᠤ ᠮᠢᠨᠢ ᠳᠤᠷᠠᠰᠤᠯ ᠢ ᠬᠠᠳᠠᠭᠠᠯᠠᠭᠰᠠᠨ ᠪᠠᠶᠠᠨ ᠰᠦᠮᠪᠦᠷ ᠮᠢᠨᠢ ᠠᠰᠢᠭᠦᠢ ᠭᠠᠭᠴᠠᠭᠠᠷᠳᠠᠵᠤ ᠪᠢᠯᠠ ᠦᠦ ᠳ᠋ᠠ︖ ᠠᠢ ᠭᠦᠭᠡᠷᠦᠭᠦᠢ ᠨᠤᠳᠤᠭ ᠮᠢᠨᠢ᠂ ᠠᠯᠳᠠᠨ ᠰᠢᠷᠣᠢ᠌ᠳᠤ ᠦᠯᠦᠭᠡᠢ ᠮᠢᠨᠢ᠂ ᠠᠯᠳᠠᠷᠠᠢ ᠭᠦᠭᠡᠷᠦᠭᠦᠨ ᠦᠷ᠎ᠡ ᠴᠢᠨᠢ ᠪᠢ ᠠᠯᠢ ᠭᠠᠵᠠᠷ ᠶᠠᠪᠣᠭᠰᠠᠨ ᠴᠤ ᠠᠮᠢᠨ ᠤ ᠨᠤᠳᠤᠭ ᠶᠢᠡᠨ ᠰᠠᠨᠠᠵᠤ ᠠᠭᠢᠭᠠᠤᠨ ᠠᠭᠢᠭᠠᠤᠨ ᠬᠠᠷᠢᠬᠤ ᠶᠤᠮ ᠰᠢᠤ︕


2009 . 3 . 18


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6183
ᠴᠠᠭ᠄ 2010 ᠤᠨ ᠤ 05 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ