☆ ᠡ᠊·ᠵᠤᠷᠢᠭᠳᠤ
ᠨᠡᠭᠦᠳᠡᠯ ᠥᠷᠭᠦᠯᠵᠢᠯᠡᠯ
ᠰᠠᠤᠠᠭᠢᠯ ᠪᠦᠯᠢᠶᠡᠰᠭᠡᠭᠦ ᠣᠳᠤᠷ ᠤᠨ ᠭᠠᠯ ᠨᠢ
ᠵᠠᠭᠤᠨ ᠤ ᠪᠦᠷᠦᠢ ᠳᠤ ᠳᠦᠷᠯᠠᠵᠠᠵᠤ
ᠰᠦ᠋ ᠪᠠᠷ ᠣᠭᠢᠯᠠᠭᠰᠠᠨ ᠳᠡᠷᠭᠡᠯ ᠰᠠᠷ᠎ᠠ ᠨᠢ
ᠥᠡᠳᠦᠷᠯᠢᠭ᠌ ᠤᠨ ᠳᠤᠮᠤᠭ ᠨᠠᠢ᠌ᠷᠠᠨᠠ
ᠰᠢᠪᠠᠭᠤᠳ ᠨᠢ ᠨᠤᠷᠭᠢᠭᠰᠠᠨ ᠠᠭᠤᠳᠠᠮ ᠳᠠᠯ᠎ᠠ ᠳᠤ ᠨᠢ
ᠠᠶᠠᠨ ᠤ ᠬᠠᠰᠠᠭ ᠴᠥᠷᠭᠦᠯᠡᠵᠤ
ᠴᠢᠯᠠᠭᠤᠳ ᠨᠢ ᠳᠤᠷᠭᠢᠭᠰᠠᠨ ᠠᠭᠳᠠ ᠶᠢᠨ ᠳᠦᠪᠠᠷᠭᠡᠨ ᠳᠤ ᠨᠢ
ᠣᠷᠴᠢᠯᠠᠩ ᠮᠤᠩᠭ᠋ᠤᠯ ᠤᠨ ᠭᠢ ᠭᠡᠵᠤ ᠳᠠᠨᠢᠭᠳᠠᠭᠰᠠᠨ
ᠳᠦᠷᠦᠭᠡ ᠳᠦᠷᠦᠭᠡᠨ ᠳᠡᠭᠡᠨ ᠪᠣᠰᠤᠭ᠎ᠠ ᠵᠤᠭᠰᠤᠭᠰᠠᠨ
ᠳᠠᠭᠤᠤ ᠳᠠᠭᠤᠨ ᠳᠠᠭᠠᠨ ᠣᠶᠠᠷᠠᠵᠤ ᠰᠤᠷᠤᠭᠰᠠᠨ
ᠳᠦᠷᠪᠡᠨ ᠣᠯᠠᠷᠢᠯ ᠶᠢᠡᠷ ᠠᠶᠠᠠᠰᠢᠵᠤ ᠶᠠᠪᠣᠭᠰᠠᠨ
ᠳᠡᠭ᠍ᠷᠢᠯᠢᠭ᠌ ᠵᠠᠶᠠᠭ᠎ᠠ ᠪᠠᠨ ᠳᠡᠭᠡᠳᠦᠯᠡᠵᠤ ᠢᠷᠡᠭ᠍ᠰᠡᠨ
ᠳᠤᠤᠯᠢᠮ᠎ᠠ ᠳᠤ ᠭᠠᠭᠴᠠᠬᠠᠨ ᠮᠢᠨᠤ ᠦᠨᠳᠦᠰᠦᠳᠠᠨ
ᠳᠠᠷᠠ ᠯᠠ ᠴᠢᠭ᠌ ᠶᠢᠡᠷ ᠶᠢᠡᠨ ᠭᠦᠨ ᠣᠬᠠᠭᠠᠨ
ᠳᠤᠮᠤᠭᠳᠤ ᠨᠤᠳᠤᠭ ᠲᠤ ᠮᠢᠨᠢ ᠨᠡᠭᠦᠳᠡᠯ ᠳᠠᠭᠤᠰᠤᠭ᠎ᠠ ᠦᠭᠡᠶ
ᠳᠡᠭᠡᠳᠦᠰ ᠤᠨ ᠮᠢᠨᠢ ᠮᠦᠷ ᠪᠠᠯᠠᠷᠠᠭ᠎ᠠ ᠦᠭᠡᠶ
ᠳᠡᠷᠯᠢᠭ᠌ ᠮᠢᠨᠢ ᠰᠡᠮᠡᠷᠡᠭᠡ ᠦᠭᠡᠶ
ᠲᠦᠷᠦᠯᠭᠢ ᠭᠡᠯᠡ ᠮᠢᠨᠢ ᠮᠥᠭᠦᠰᠢ ᠦᠭᠡᠶ
ᠰᠠᠤᠠᠭᠢᠯ ᠁ ᠲ᠋ᠠᠮᠠᠤᠯᠠᠯ ᠁
ᠨᠡᠭᠦᠳᠡᠯ ᠁ ᠥᠷᠭᠦᠯᠵᠢᠯᠡᠯ ᠁
2006.11.9
ᠵᠤᠬᠢᠶᠠᠭᠴᠢ ᠶᠢᠨ ᠳᠤᠬᠠᠢ᠄ ᠡ᠊·ᠵᠤᠷᠢᠭᠳᠤ᠂ ᠢᠷᠡᠭᠤ ᠨᠠᠢ᠌ᠷᠠᠭ ᠶᠢᠡᠷ ᠠᠮᠢᠰᠬᠤᠯᠯᠠᠵᠤ ᠬᠤᠨᠤᠭᠰᠠᠨ ᠰᠦᠨᠢ ᠲ᠋ᠡᠯᠡᠭᠡᠢ ᠮᠤᠩᠭ᠋ᠤᠯ ᠤᠨ ᠭᠢ ᠭᠡᠵᠤ ᠢᠳᠡᠭᠡᠵᠤ ᠳᠠᠷᠠ ᠵᠠᠷᠤᠳ ᠨᠤᠳᠤᠭ ᠲᠡᠶ᠃ 《ᠠᠷᠤ ᠭᠠᠵᠠᠷ ᠤᠨ ᠮᠤᠩᠭ᠋ᠤᠯ ᠰᠠᠷ᠎ᠠ》 ᠰᠢᠯᠦᠭ᠌ ᠤᠨ ᠳᠡᠭᠦᠪᠦᠷᠢ ᠲᠡᠶ᠃ ᠦᠪᠣᠷ ᠮᠤᠩᠭ᠋ᠤᠯ ᠤᠨ ᠭᠦᠭᠡ ᠮᠤᠷᠢᠨ ᠬᠤᠭᠤᠷ ᠤᠨ ᠣᠷᠠᠯᠢᠭ ᠤᠨ ᠰᠤᠷᠭᠠᠭᠤᠯᠢ ᠡᠴᠡ ᠲ᠋ᠡᠭᠦᠰᠴᠤ᠂ ᠡᠷᠢᠯ ᠭᠦᠰᠡᠯ ᠤᠨ ᠶᠢᠡᠨ ᠭᠢᠯᠠᠰ ᠴᠢᠭ᠌ ᠥᠭᠡᠳᠡ ᠪᠠᠨ ᠳᠠᠮᠠᠤᠯᠠᠵᠤ ᠶᠠᠪᠣᠭ᠎ᠠ᠃
ᠵᠤᠬᠢᠶᠠᠭᠴᠢ᠄ ᠡ᠊·ᠵᠤᠷᠢᠭᠳᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 3560
ᠴᠠᠭ᠄ 2005 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ