ᠨᠡᠪᠲᠡᠷᠡᠨ ᠤᠷᠤᠬᠤ
ᠴᠢ ᠡᠵᠡᠭᠦᠢ

ᠮᠤᠷᠤᠢ ᠰᠠᠷᠠᠨ ᠢ ᠵᠢᠷᠦᠭᠡᠨ ᠳᠤᠯᠳᠤᠨ ᠳᠤ ᠪᠠᠨ ᠡᠯᠭᠦᠵᠤ

ᠳᠡᠷᠭᠡᠯᠰᠢᠭᠦᠯᠭᠦ ᠭᠡᠵᠤ ᠭᠡᠯᠳᠡᠷᠭᠡᠢ ᠶᠢ ᠨᠢ ᠬᠠᠢ᠌ᠵᠤ ᠴᠢᠮ᠎ᠠ ᠶᠢ ᠰᠠᠨᠠᠯ᠎ᠠ

ᠴᠢ ᠡᠵᠡᠭᠦᠢ

ᠳᠦᠭᠡᠭ᠍ᠰᠡᠨ ᠣᠳᠤᠳ ᠢ ᠬᠠᠷᠠᠴᠠᠨ ᠤ ᠭᠦᠨ ᠳᠤ ᠪᠠᠨ ᠪᠠᠭᠳᠠᠭᠠᠵᠤ

ᠬᠤᠷᠢᠶᠠᠬᠤ ᠭᠡᠵᠤ ᠵᠠᠬ᠎ᠠ ᠶᠢ ᠨᠢ ᠪᠠᠷᠠᠯᠠᠵᠤ ᠴᠢᠮ᠎ᠠ ᠶᠢ ᠰᠠᠨᠠᠯ᠎ᠠ

ᠴᠢ ᠡᠵᠡᠭᠦᠢ

ᠰᠡᠮᠡᠷᠡᠭ᠍ᠰᠡᠨ ᠡᠭᠦᠯᠡ ᠶᠢ ᠬᠤᠷᠤᠭᠤᠨ ᠥᠵᠦᠭᠦᠷ ᠲᠤ ᠪᠠᠨ ᠳᠤᠷᠭᠤᠵᠤ

ᠨᠥᠭᠦᠭᠦ ᠭᠡᠵᠤ ᠣᠷᠠᠩᠬᠠᠢ ᠶᠢ ᠨᠢ ᠡᠷᠢᠵᠤ ᠴᠢᠮ᠎ᠠ ᠶᠢ ᠰᠠᠨᠠᠯ᠎ᠠ

ᠴᠢ ᠡᠵᠡᠭᠦᠢ

ᠴᠡᠴᠡᠷᠡᠭ᠍ᠰᠡᠨ ᠠᠭᠠᠷ ᠢ ᠳᠠᠪᠠᠯ ᠤᠨ ᠡᠩᠭᠡᠷ ᠲᠤ ᠪᠠᠨ ᠡᠪᠦᠷᠯᠡᠵᠤ

ᠳᠤᠯᠠᠭᠠᠴᠠᠭᠤᠯᠬᠤ ᠭᠡᠵᠤ ᠭᠦᠢᠳᠡᠨ ᠢ ᠨᠢ ᠠᠭᠤᠳᠠᠯᠯᠠᠵᠤ ᠴᠢᠮ᠎ᠠ ᠶᠢ ᠰᠠᠨᠠᠯ᠎ᠠ

ᠴᠢ ᠡᠵᠡᠭᠦᠢ

ᠭᠤᠴᠢᠨ ᠵᠠᠭᠤᠨ ᠤ ᠭᠠᠰᠢᠭᠤᠨ ᠰᠠᠯᠭᠢᠨ ᠳ᠋ᠤ

ᠭᠤᠤᠯ ᠳᠠᠯᠠᠰᠳᠠᠯ᠎ᠠ ᠪᠠᠨ ᠴᠤᠭᠢᠭᠤᠯᠵᠤ

ᠭᠤᠨᠢᠭᠯᠠᠵᠤ ᠳᠡᠩᠰᠡᠯᠭᠦ ᠴᠡᠭᠡᠵᠢᠨ ᠳᠤ ᠪᠠᠨ

ᠳᠡᠪᠠᠷᠢᠭᠦ ᠭᠡᠵᠤ ᠴᠢᠮ᠎ᠠ ᠶᠢ ᠰᠠᠨᠠᠯ᠎ᠠ

ᠴᠢ ᠡᠵᠡᠭᠦᠢ᠂ ᠪᠢ ᠭᠠᠭᠴᠠᠭᠠᠷ ᠶᠢᠡᠨ ᠁


2008.12.21

ᠬᠦᠬᠡᠬᠤᠲᠠ ᠳᠤ᠂ ᠨᠠᠮ ᠤᠨ ᠰᠤᠷᠭᠠᠭᠤᠯᠢ ᠶᠢᠨ ᠭᠦᠷᠢᠶᠡᠨ ᠳ᠋ᠤ


ᠵᠤᠬᠢᠶᠠᠭᠴᠢ ᠶᠢᠨ ᠬᠠᠶ‍ᠢᠭ ᠄ ᠯᠢᠶᠤᠤᠨᠢᠩ ᠶᠡᠭᠡ ᠰᠤᠷᠭᠠᠭᠤᠯᠢ

ᠵᠤᠬᠢᠶᠠᠭᠴᠢ᠄ ᠭᠤᠨᠢᠨᠤᠳ·ᠨᠠ᠊·ᠰᠥᠭᠡ‍ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2646
ᠴᠠᠭ᠄ 2010 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ