☆ ᠴᠤ᠋·ᠣᠷᠭᠢᠯᠳᠤ
ᠨᠤᠳᠤᠭ ᠤᠨ ᠪᠠᠷ᠎ᠠ
ᠨᠤᠳᠤᠭ ᠤᠨ ᠪᠠᠷ᠎ᠠ
ᠬᠠᠢ᠌ᠷ᠎ᠠ ᠶᠢᠨ ᠥᠯᠦᠭᠡᠢ ᠶᠤᠯᠴᠣᠢ᠌ᠨ ᠳᠠᠯ᠎ᠠ
ᠦᠳᠡ ᠶᠢᠨ ᠨᠠᠷᠠᠨ ᠰᠢᠭ᠌
ᠨᠢᠯᠴᠡᠭᠡᠨᠡᠵᠤ ᠬᠠᠷᠠᠭᠳᠠᠨ᠎ᠠ
ᠬᠠᠯᠠᠭᠤᠨ ᠬᠤᠰᠢᠭᠤᠳᠤ ᠶᠢᠨ ᠪᠠᠷ᠎ᠠ ᠳᠠᠰᠤᠷᠠᠭᠠᠤᠨ
ᠨᠠᠮ ᠵᠢᠮᠭᠡᠨ ᠡᠵᠡᠭᠦᠢᠷᠡᠵᠤ
ᠬᠠᠷᠠᠭᠳᠠᠨ᠎ᠠ
ᠡᠳᠦᠷ ᠤᠨ ᠣᠳᠠᠭᠠᠨ ᠳᠤ ᠰᠢᠷᠠᠭᠳᠠᠵᠤ ᠥᠭᠢᠷᠡᠭ᠍ᠰᠡᠨ
ᠭᠡᠢ ᠮᠤᠷᠢ ᠶᠢᠨ ᠳᠠᠷᠴᠤᠭ
ᠰᠤᠳᠣᠢ᠌ᠵᠤ ᠬᠠᠷᠠᠭᠳᠠᠨ᠎ᠠ
ᠬᠤᠨᠤᠭ ᠤᠨ ᠭᠡᠷ
ᠭᠦᠢᠳᠡᠨ ᠪᠠᠢ᠌ᠰᠢᠩ ᠲᠦᠯᠭᠡᠭ᠍ᠳᠡᠭᠡᠳ
ᠤᠨᠢ ᠨᠢᠷᠤᠭᠤ ᠠᠷᠰᠠᠢ᠌ᠵᠤ ᠬᠠᠷᠠᠭᠳᠠᠨ᠎ᠠ
ᠬᠣᠢ᠌ᠨ᠎ᠠ ᠡᠴᠠ ᠣᠷᠤᠰᠳᠠᠭ
ᠵᠡᠭᠡᠰᠦᠳᠡᠢ ᠶᠢᠨ ᠴᠠᠢ᠌ᠳᠠᠮ ᠬᠤᠵᠢᠷᠰᠢᠭᠠᠤᠨ
ᠴᠠᠭᠠᠨ ᠳᠤᠭᠤᠰᠤ ᠪᠣᠷᠭᠢᠯᠵᠤ ᠬᠠᠷᠠᠭᠳᠠᠨ᠎ᠠ
ᠬᠤᠨᠢ ᠢᠮᠠᠭᠠᠨ ᠤ ᠰᠠᠷᠠᠪᠴᠢ ᠵᠠᠳᠠᠭᠠᠢ᠌ᠷᠠᠭᠠᠤᠨ
ᠡᠩᠭᠡᠷ ᠦᠭᠡᠶ ᠨᠡᠭᠡᠢ ᠰᠢᠭ᠌
ᠭᠦᠯᠭᠦᠢᠵᠤ ᠬᠠᠷᠠᠭᠳᠠᠨ᠎ᠠ
ᠮᠠᠰᠢᠨ ᠬᠤᠳᠳᠤᠭ ᠤᠨ ᠣᠨᠢᠰᠤᠳᠤ ᠭᠡᠷ
ᠡᠪᠳᠡᠷᠡᠭᠡᠳ
ᠣᠩᠭ᠋ᠣᠢ᠌ᠵᠤ ᠬᠠᠷᠠᠭᠳᠠᠨ᠎ᠠ
ᠬᠠᠭᠠᠰ ᠪᠣᠯᠠᠭᠳᠠᠭᠰᠠᠨ ᠠᠷᠠᠯ ᠳᠡᠷᠭᠡ
ᠮᠠᠩᠬᠠᠨ ᠳᠤ ᠳᠠᠷᠤᠭᠳᠠᠭᠠᠤᠨ
ᠶᠤᠤᠯᠠᠵᠤ ᠬᠠᠷᠠᠭᠳᠠᠨ᠎ᠠ
ᠠᠪᠣ ᠶᠢᠨ ᠳᠠᠷᠢᠭᠰᠠᠨ ᠪᠣᠷᠭᠠᠰᠤᠨ ᠳᠦᠭᠦᠮ
ᠠᠩᠭ᠋ᠠᠭᠠᠤᠨ
ᠬᠤᠷᠪᠠᠢ᠌ᠵᠤ ᠬᠠᠷᠠᠭᠳᠠᠨ᠎ᠠ
ᠡᠵᠢ ᠶᠢᠨ ᠬᠠᠷᠠᠮᠨᠠᠳᠠᠭ ᠰᠢᠭᠡᠷ ᠤᠨ ᠴᠠᠢ᠌ᠳᠠᠮ
ᠣᠯᠠᠢ᠌ᠭᠠᠤᠨ
ᠣᠬᠤᠵᠤ ᠮᠠᠯᠳᠠᠭᠰᠠᠨ ᠬᠠᠷᠠᠭᠳᠠᠨ᠎ᠠ
ᠪᠠᠯᠴᠢᠭᠡᠷ ᠬᠠᠮᠠᠭᠠᠯᠠᠭᠰᠠᠨ ᠳᠠᠮᠤᠷ ᠳᠤᠤᠷ ᠤᠳ ᠬᠤᠭᠤᠰᠤᠷᠠᠭᠠᠤᠨ
ᠱᠣᠢ᠌ᠨᠢ ᠪᠠᠭᠠᠨ᠎ᠠ ᠡ᠊ᠨᠳᠡ ᠳᠠᠠᠳᠠ
ᠬᠤᠭᠤᠷᠠᠵᠤ ᠬᠠᠷᠠᠭᠳᠠᠨ᠎ᠠ
ᠬᠤᠨᠢ ᠢᠮᠠᠭᠠᠨ ᠤ ᠭᠦᠷᠵᠡᠩ
ᠬᠤᠳᠠ ᠬᠤᠷᠤᠭ᠎ᠠ ᠡᠴᠠ ᠵᠥᠭᠡᠭᠡᠪᠦᠷᠢᠯᠡᠭ᠍ᠳᠡᠭᠡᠳ
ᠳᠠᠢ᠌ᠨ ᠪᠣᠯᠤᠭᠠᠤᠨ ᠥᠩᠭᠡᠷᠡᠭ᠍ᠰᠡᠨ ᠰᠢᠭ᠌ ᠬᠠᠷᠠᠭᠳᠠᠨ᠎ᠠ
ᠠᠯᠤᠰ ᠡᠴᠠ ᠪᠠᠷᠠᠯᠠᠬᠤ ᠳ᠋ᠤ
ᠥᠯᠦᠭᠡᠢ ᠨᠤᠳᠤᠭ ᠮᠢᠨᠢ ᠪᠦᠷᠳᠡᠯᠵᠡᠭᠡᠳ
ᠨᠢᠯᠪᠣᠰᠤᠨ ᠳᠤ ᠦᠶᠡᠷᠯᠠᠵᠤ ᠬᠠᠷᠠᠭᠳᠠᠨ᠎ᠠ
ᠠᠭᠤᠳᠠᠮ ᠳᠠᠯ᠎ᠠ ᠡᠴᠠ ᠪᠠᠨ ᠰᠠᠯᠤᠭᠰᠠᠨ ᠪᠢ
ᠰᠡᠯᠭᠢᠨ ᠳᠤ ᠳᠠᠭᠤᠭᠳᠠᠭᠰᠠᠨ ᠬᠠᠮᠬᠤᠤᠯ ᠪᠣᠯᠵᠤ
ᠪᠦᠮᠪᠦᠷᠡᠵᠤ ᠬᠠᠷᠠᠭᠳᠠᠨ᠎ᠠ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ
ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3014
ᠴᠠᠭ᠄ 2011 ᠤᠨ ᠤ 12 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ