☆ ᠡᠷᠳᠡᠨᠢᠪᠠᠭᠠᠨ᠎ᠠ
ᠭᠦᠭᠡ ᠳᠡᠭ᠍ᠷᠢ ᠶᠢᠨ ᠬᠠᠪᠣᠷ ᠢᠷᠠᠯ᠎ᠠ
ᠬᠠᠪᠣᠷ ᠤᠨ ᠳᠡᠯᠭᠡᠷ ᠨᠠᠷᠠ ᠨᠢ ᠬᠠᠩᠬᠤᠯᠠᠳᠠᠯᠠ ᠭᠡᠷᠡᠯᠰᠢᠨ
ᠴᠡᠩᠭᠡᠷ ᠳᠡᠭ᠍ᠷᠢ ᠶᠢᠨ ᠴᠠᠭᠠᠨ ᠡᠭᠦᠯᠡ ᠨᠢ ᠬᠠᠢ᠌ᠷᠰᠤᠳᠠᠯᠠ ᠳᠦᠭᠡᠷᠢᠵᠤ
ᠬᠠᠢ᠌ᠯᠠᠰᠤᠨ ᠤ ᠰᠠᠯᠠᠭ᠎ᠠ ᠨᠠᠮᠠᠭ᠎ᠠ ᠶᠢ ᠨᠤᠭᠤᠭᠠᠨ ᠶᠢᠡᠷ ᠪᠣᠳᠤᠭᠯᠠᠨ
ᠴᠡᠭ᠍ᠴᠡᠦᠭᠡᠢ ᠰᠢᠪᠠᠭᠤᠳ ᠤᠨ ᠱᠤᠯᠤᠭᠤᠨᠠᠭᠠᠨ ᠤ ᠭᠦᠭ᠌ ᠢ ᠨᠢ ᠣᠶᠠᠰᠠᠭᠤᠯᠤᠨ
ᠭᠦᠭᠡ ᠳᠡᠭ᠍ᠷᠢ ᠶᠢᠨ ᠬᠠᠪᠣᠷ ᠢᠷᠠᠯ᠎ᠠ
ᠳᠠᠯ᠎ᠠ ᠶᠢᠨ ᠨᠤᠭᠤᠭᠠᠨ ᠡᠪᠠᠰᠤ ᠨᠤᠭᠤᠭ᠎ᠠ ᠶᠢ ᠠᠩᠭᠢᠯᠤᠳᠠᠯᠠ ᠣᠷᠭᠤᠭᠤᠯᠵᠤ
ᠦᠰᠪᠦᠷᠢ ᠶᠢᠨ ᠪᠠᠭᠠᠴᠤᠳ ᠤᠨ ᠦᠷᠪᠠᠯᠭᠡ ᠶᠢ ᠭᠦᠷᠳᠡᠨ ᠥᠭᠦᠭᠡᠷᠳᠡᠵᠤ
ᠳᠠᠨᠢᠯ ᠪᠣᠭᠤᠷᠤᠯ ᠤᠨ ᠠᠮᠢᠳᠤᠷᠠᠯ ᠤᠨ ᠵᠠᠮ ᠤᠨ ᠬᠤᠨᠢᠶᠠᠰᠤ ᠶᠢ ᠨᠢ ᠳᠤᠯᠠᠭᠠᠯᠠᠵᠤ
ᠦᠨᠢᠶ᠎ᠡ ᠮᠠᠯ ᠤᠨ ᠮᠥᠭᠡᠷᠡᠭᠡᠨ ᠮᠠᠢ᠌ᠯᠠᠭᠠᠨ ᠢ ᠨᠢ ᠣᠶᠠᠷᠠᠭᠤᠯᠵᠤ
ᠭᠦᠭᠡ ᠳᠡᠭ᠍ᠷᠢ ᠶᠢᠨ ᠬᠠᠪᠣᠷ ᠢᠷᠠᠯ᠎ᠠ
ᠥᠵᠦᠭᠦᠷ ᠦᠭᠡᠶ ᠰᠠᠷᠠᠨ ᠤ ᠰᠠᠨᠠᠭ᠎ᠠ ᠶᠢ ᠨᠢ ᠮᠥᠰᠢᠶᠡᠯᠭᠡᠵᠤ
ᠦᠩ ᠵᠢᠯ ᠤᠨ ᠰᠤᠪᠢᠩ ᠶᠢᠡᠷ ᠬᠤᠷ᠎ᠠ ᠪᠣᠷᠤᠭᠠᠨ ᠨᠠᠮᠢᠷᠭᠠᠯᠠᠵᠤ
ᠬᠤᠯᠠ ᠶᠠᠪᠣᠭᠰᠠᠨ ᠬᠠᠷᠢᠶᠠᠴᠠᠢ ᠶᠢ ᠨᠤᠳᠤᠭ ᠢ ᠨᠢ ᠰᠠᠨᠠᠭᠤᠯᠵᠤ
ᠬᠤᠤᠯᠢᠨ ᠭᠠᠤᠤᠯ ᠤᠨ ᠣᠷᠤᠰᠬᠠᠯ ᠤᠨ ᠢᠨᠢᠶᠠᠳᠤ ᠶᠢ ᠨᠢ ᠴᠠᠯᠭᠢᠭᠤᠯᠵᠤ
ᠭᠦᠭᠡ ᠳᠡᠭ᠍ᠷᠢ ᠶᠢᠨ ᠬᠠᠪᠣᠷ ᠢᠷᠠᠯ᠎ᠠ
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2012 ᠤᠨ ᠤ 03 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ