ᠨᠡᠪᠲᠡᠷᠡᠨ ᠤᠷᠤᠬᠤ
ᠪᠢ ᠴᠢᠮ᠎ᠠ ᠶᠢ ᠭᠦᠯᠢᠶᠡᠯ᠎ᠡ

ᠪᠢᠰᠢᠭᠦᠢ ᠭᠦᠰᠡᠯ ᠳᠤ ᠪᠠᠨ ᠠᠷᠭᠠᠳᠠᠭᠳᠠᠨ

ᠪᠢ ᠴᠢᠮ᠎ᠠ ᠶᠢ ᠭᠦᠯᠢᠶᠡᠯ᠎ᠡ

ᠪᠣᠯᠵᠤᠭᠠᠨ ᠴᠡᠭ᠌ ᠲᠤ ᠪᠠᠨ ᠠᠷᠭᠠᠮᠵᠢᠭᠳᠠᠨ

ᠪᠣᠴᠠᠬᠤ ᠪᠠᠨ ᠮᠠᠷᠳᠠᠨ ᠭᠦᠯᠢᠶᠡᠯ᠎ᠡ

ᠢᠷᠠᠨ᠎ᠡ ᠳ᠋ᠡ ᠭᠡᠰᠡᠨ ᠢᠳᠡᠭᠡᠯ ᠮᠢᠨᠢ ᠭᠦᠯᠢᠶᠡᠯ᠎ᠡ

ᠢᠴᠢᠵᠤ ᠪᠠᠢ᠌ᠭ᠎ᠠ ᠰᠡᠳᠭᠢᠯ ᠮᠢᠨᠢ ᠭᠦᠯᠢᠶᠡᠯ᠎ᠡ  

ᠢᠨᠢᠶᠠᠵᠤ ᠪᠠᠢ᠌ᠭ᠎ᠠ ᠭᠤᠷᠢ ᠮᠢᠨᠢ ᠭᠦᠯᠢᠶᠡᠯ᠎ᠡ

ᠢᠭ᠍ᠳᠦᠯᠵᠤ ᠪᠠᠢ᠌ᠭ᠎ᠠ ᠵᠢᠷᠦᠭᠡ ᠮᠢᠨᠢ ᠭᠦᠯᠢᠶᠡᠯ᠎ᠡ

ᠭᠦᠯᠢᠶᠡᠭᠦ ᠶᠢᠨ ᠵᠤᠪᠠᠯᠠᠩ ᠵᠢᠷᠭᠠᠵᠤ ᠭᠦᠯᠢᠶᠡᠯ᠎ᠡ

ᠭᠦᠰᠡᠭᠦ ᠶᠢᠨ ᠵᠢᠷᠭᠠᠯ ᠵᠤᠪᠠᠵᠤ ᠭᠦᠯᠢᠶᠡᠯ᠎ᠡ

ᠭᠦᠯ ᠤᠨ ᠴᠢᠮᠡᠭᠡ ᠶᠢ ᠴᠢᠩᠨᠠᠨ ᠭᠦᠯᠢᠶᠡᠯ᠎ᠡ

ᠭᠦᠭ᠌ ᠠᠶᠠᠰ ᠢ ᠨᠢ ᠳᠠᠭᠠᠵᠤ ᠭᠦᠯᠢᠶᠡᠯ᠎ᠡ

ᠭᠦᠷᠦᠭᠡᠳ ᠯᠠ ᠢᠷᠠᠯ᠎ᠠ ᠭᠡᠵᠤ ᠭᠦᠭ᠍ᠰᠡᠵᠤ ᠭᠦᠯᠢᠶᠡᠯ᠎ᠡ

ᠭᠦᠴᠢᠷ ᠤᠨ ᠳᠠᠪᠠᠭ᠎ᠠ ᠶᠢ ᠥᠭ᠍ᠰᠦᠵᠤ ᠭᠦᠯᠢᠶᠡᠯ᠎ᠡ

ᠬᠠᠭᠠᠯᠭᠠᠨ ᠳᠤᠭᠰᠢᠭᠠᠨ ᠳᠤ ᠬᠠᠯᠠᠭᠤᠷᠠᠵᠤ ᠭᠦᠯᠢᠶᠡᠯ᠎ᠡ

ᠬᠠᠢ᠌ᠷ᠎ᠠ ᠶᠢᠨ ᠬᠠᠳᠠᠭ ᠶᠢᠡᠨ ᠳᠡᠯᠭᠡᠵᠤ ᠭᠦᠯᠢᠶᠡᠯ᠎ᠡ

ᠬᠠᠨᠢᠯᠠᠬᠤ ᠶᠢᠨ ᠵᠠᠶᠠᠭ᠎ᠠ ᠳᠤ ᠵᠠᠯᠪᠠᠷᠢᠵᠤ ᠭᠦᠯᠢᠶᠡᠯ᠎ᠡ

ᠬᠠᠪᠢᠳᠠᠬᠤ ᠶᠢᠨ ᠴᠡᠩᠭᠡᠯ ᠳᠤ ᠳᠤᠯᠳᠣᠢ᠌ᠳᠴᠤ ᠭᠦᠯᠢᠶᠡᠯ᠎ᠡ

ᠬᠤᠩᠭᠢᠯ ᠭᠤᠳᠤᠮᠵᠢᠨ ᠳᠤ ᠭᠦᠯᠢᠶᠡᠯ᠎ᠡ

ᠬᠤᠭᠤᠯᠠᠨ ᠭᠡᠷ ᠲᠤ ᠭᠦᠯᠢᠶᠡᠯ᠎ᠡ

ᠬᠤᠪᠳᠤᠯ ᠵᠢᠷᠦᠭᠡ ᠪᠣᠯᠭᠢᠯᠠᠵᠤ ᠭᠦᠯᠢᠶᠡᠯ᠎ᠡ

ᠬᠤᠭᠤᠰᠤᠨ ᠪᠣᠴᠠᠬᠤ ᠡᠴᠡ ᠠᠶᠤᠵᠤ ᠭᠦᠯᠢᠶᠡᠯ᠎ᠡ

ᠬᠤᠯᠠ ᠶᠢᠨ ᠭᠦᠮᠤᠨ ᠰᠢᠭ᠌ ᠮᠦᠷᠦᠭᠡᠳᠴᠤ ᠭᠦᠯᠢᠶᠡᠯ᠎ᠡ  

ᠬᠤᠩᠭᠤᠷ ᠶᠢᠡᠨ ᠯᠠ ᠭᠦᠯᠢᠶᠡᠭᠦ ᠵᠤᠷᠢᠭ ᠶᠢᠡᠷ ᠭᠦᠯᠢᠶᠡᠯ᠎ᠡ  

ᠬᠤᠷᠤᠰᠬᠤ ᠪᠣᠳᠤᠯ ᠢ ᠮᠠᠷᠳᠠᠵᠤ ᠭᠦᠯᠢᠶᠡᠯ᠎ᠡ

ᠬᠤᠭᠤᠷᠤᠠᠳᠤᠭᠢ ᠵᠠᠢ ᠪᠠᠭᠠᠰᠴᠤ ᠪᠣᠢ ᠭᠡᠵᠤ ᠭᠦᠯᠢᠶᠡᠯ᠎ᠡ

ᠵᠠᠮ ᠤᠨ ᠬᠠᠵᠠᠭᠤ ᠳᠤ ᠪᠢ ᠴᠢᠮ᠎ᠠ ᠶᠢ ᠭᠦᠯᠢᠶᠡᠯ᠎ᠡ

ᠵᠠᠬ᠎ᠠ ᠪᠠᠷ ᠦᠩᠭᠡᠷᠡᠭᠦ ᠭᠦᠮᠦᠰ ᠢ ᠪᠦᠷᠢᠳᠭᠡᠨ ᠭᠦᠯᠢᠶᠡᠯ᠎ᠡ

ᠵᠠᠯᠠᠭᠤ ᠭᠦᠮᠤᠨ ᠤ ᠣᠮᠤᠭ ᠮᠤᠬᠤᠵᠤ ᠭᠦᠯᠢᠶᠡᠯ᠎ᠡ

ᠵᠠᠪᠠᠯ ᠠᠭᠤᠯᠵᠠᠨ᠎ᠠ ᠭᠡᠵᠤ ᠮᠤᠠᠳᠤᠭᠤᠨ ᠭᠦᠯᠢᠶᠡᠯ᠎ᠡ

ᠴᠠᠰᠤ ᠲᠡᠶ ᠴᠤ ᠴᠠᠭ ᠲᠤ ᠪᠠᠨ ᠭᠦᠯᠢᠶᠡᠯ᠎ᠡ  

ᠮᠦᠰᠤ ᠲᠡᠶ ᠴᠤ ᠮᠦᠴᠡ ᠳᠤ ᠪᠠᠨ ᠭᠦᠯᠢᠶᠡᠯ᠎ᠡ

ᠪᠣᠷᠤᠭᠠᠨ ᠬᠤᠷ᠎ᠠ ᠲᠡᠶ ᠴᠤ ᠪᠣᠯᠵᠤᠭ᠎ᠠ ᠬᠤᠭᠤᠴᠠᠭᠠᠨ ᠳᠤ ᠪᠠᠨ ᠭᠦᠯᠢᠶᠡᠯ᠎ᠡ  

ᠪᠣᠳᠤᠯᠭᠠᠨ ᠬᠠᠳᠠᠭᠤ ᠳᠤ ᠪᠠᠨ ᠪᠣᠰᠤᠭ᠎ᠠ ᠭᠡᠪ ᠲᠤ ᠪᠠᠨ ᠭᠦᠯᠢᠶᠡᠯ᠎ᠡ

ᠳᠠᠯ᠎ᠠ ᠵᠢᠷᠦᠭᠡ ᠪᠠᠨ ᠰᠠᠨᠠᠵᠤ ᠭᠦᠯᠢᠶᠡᠯ᠎ᠡ

ᠳᠠᠭᠠᠯᠠᠬᠤ ᠣᠷᠤᠭᠤᠯ ᠰᠠᠪᠠᠭᠠᠨᠠᠨ ᠭᠦᠯᠢᠶᠡᠯ᠎ᠡ

ᠳᠠᠪᠠᠳᠠᠢ ᠡᠷᠡᠨ ᠢ ᠮᠦᠷᠦᠭᠡᠳᠴᠤ ᠭᠦᠯᠢᠶᠡᠯ᠎ᠡ

ᠳᠠᠨ ᠢ ᠢᠷᠠᠨ᠎ᠡ ᠭᠡᠵᠤ ᠳᠠᠰᠢᠭᠤᠷᠠᠵᠤ ᠭᠦᠯᠢᠶᠡᠯ᠎ᠡ

ᠭᠦᠯ ᠤᠨ ᠴᠢᠭᠢᠷᠠᠭ ᠲᠤ ᠪᠠᠨ ᠣᠷᠮᠠᠳᠠᠢ ᠭᠦᠯᠢᠶᠡᠯ᠎ᠡ

ᠭᠦᠷᠦᠰᠤᠨ ᠤ ᠴᠢᠨᠠᠷᠯᠢᠭ ᠲᠤ ᠣᠷᠭᠤᠮᠠᠷ ᠭᠦᠯᠢᠶᠡᠯ᠎ᠡ

ᠭᠦᠵᠦᠭᠦᠤ ᠳᠤᠯᠤᠭᠠᠢ ᠪᠠᠨ ᠨᠠᠪᠴᠢᠯᠠᠮᠠᠷ ᠭᠦᠯᠢᠶᠡᠯ᠎ᠡ

ᠭᠦᠭᠦᠭᠡ ᠳᠡᠭᠡᠷ᠎ᠡ ᠨᠢ ᠨᠢᠷᠠᠢ᠌ᠯᠠᠮᠠᠷ ᠭᠦᠯᠢᠶᠡᠯ᠎ᠡ

ᠣᠷᠭᠢᠯᠵᠤ ᠪᠠᠢ᠌ᠭ᠎ᠠ ᠴᠢᠰᠤ ᠪᠠᠨ ᠬᠠᠳᠠᠳᠠᠯ᠎ᠠ ᠭᠦᠯᠢᠶᠡᠯ᠎ᠡ

ᠣᠢ᠌ᠯᠠᠰᠴᠤ ᠪᠠᠢ᠌ᠭ᠎ᠠ ᠰᠡᠳᠭᠢᠯ ᠶᠢᠡᠨ ᠬᠠᠭᠰᠠᠳᠠᠯ᠎ᠠ ᠭᠦᠯᠢᠶᠡᠯ᠎ᠡ

ᠣᠯᠵᠤ ᠦᠵᠡᠶ᠎ᠠ ᠭᠡᠰᠡᠨ ᠨᠢᠳᠤ ᠪᠠᠨ ᠬᠠᠭᠠᠷᠠᠳᠠᠯ᠎ᠠ ᠭᠦᠯᠢᠶᠡᠯ᠎ᠡ

ᠣᠴᠢᠵᠤ ᠢᠷᠡᠭᠦ ᠵᠠᠮ ᠢ ᠴᠢᠨᠢ ᠬᠠᠨᠠᠷᠠᠳᠠᠯ᠎ᠠ ᠭᠦᠯᠢᠶᠡᠯ᠎ᠡ

ᠭᠦᠯᠢᠶᠡᠯ᠎ᠡ᠂   ᠴᠢᠮ᠎ᠡ ᠶᠢ᠂   ᠭᠦᠯ ᠬᠠᠪᠳᠠᠢ᠌ᠳᠠᠯ᠎ᠠ ᠭᠦᠯᠢᠶᠡᠯ᠎ᠡ

ᠭᠡᠦᠭᠡᠨ ᠰᠡᠳᠭᠢᠯ ᠳᠤ ᠴᠢᠨᠢ ᠬᠠᠰᠢᠷᠠᠳᠠᠯ᠎ᠠ ᠭᠦᠯᠢᠶᠡᠯ᠎ᠡ

ᠭᠦᠡᠳᠡᠢ᠌ᠷᠡᠭᠦ ᠴᠡᠭᠡᠵᠢ ᠪᠠᠴᠢᠮᠳᠠᠵᠤ ᠣᠳᠠᠭᠠᠰᠢᠷᠠᠳᠠᠯ᠎ᠠ ᠭᠦᠯᠢᠶᠡᠯ᠎ᠡ

ᠭᠦᠡᠳᠦᠳᠭᠡᠭᠦ ᠴᠡᠨᠡᠭ᠌ ᠪᠠᠭᠯᠠᠷᠠᠵᠤ ᠣᠯᠠᠩᠭᠠᠰᠠᠳᠠᠯ᠎ᠠ ᠭᠦᠯᠢᠶᠡᠯ᠎ᠡ

ᠦᠳᠡᠰᠢ ᠶᠢ ᠦᠷᠯᠦᠭᠡ ᠪᠣᠯᠳᠠᠯ᠎ᠠ

ᠦᠨᠦᠳᠤᠷ ᠢ ᠦᠴᠦᠭᠡᠳᠦᠷ ᠪᠣᠯᠳᠠᠯ᠎ᠠ

ᠡᠭᠦᠳᠡᠨ ᠤ ᠪᠠᠨ ᠵᠠᠬ᠎ᠠ ᠳᠤ ᠭᠦᠯᠢᠶᠡᠯ᠎ᠡ

ᠵᠡᠭᠦᠳᠤᠨ ᠤ ᠪᠠᠨ ᠪᠠᠬ᠎ᠠ ᠳᠤ ᠭᠦᠯᠢᠶᠡᠯ᠎ᠡ

ᠡᠭᠦᠯᠡᠨ ᠴᠢᠯᠦᠭᠡᠨ ᠳᠤ ᠨᠠᠷᠠ ᠪᠠᠷ ᠭᠡᠷᠡᠯᠳᠦᠵᠤ

ᠦᠨᠢ ᠶᠢᠨ ᠴᠢᠯᠡᠭᠡ ᠳᠤ ᠪᠠᠷ᠎ᠠ ᠪᠠᠨ ᠭᠡᠷᠡᠯᠳᠦᠭᠦᠯᠵᠤ

ᠠᠮᠢᠳᠤᠷᠠᠯ ᠤᠨ ᠪᠣᠱᠤᠭᠠᠨ ᠳᠤ ᠪᠠᠶᠠᠷᠯᠠᠭᠤᠯᠬᠤ ᠪᠠᠷ

ᠢᠨᠠᠭ ᠤᠨ ᠴᠢ ᠮᠢᠨᠢ ᠢᠨᠠᠭᠰᠢᠯᠠᠵᠤ ᠢᠷᠡᠭᠦ ᠶᠢ

ᠭᠦᠰᠢᠭ᠍ᠰᠡᠨ ᠭᠦᠵᠦᠭᠦᠤ ᠪᠠᠨ ᠦᠬᠢᠷᠠᠰᠢᠳᠠᠯ᠎ᠠ ᠭᠦᠯᠢᠶᠡᠯ᠎ᠡ

ᠭᠦᠯ ᠤᠨ ᠣᠯᠠ ᠪᠠᠨ ᠦᠨᠳᠦᠰᠦᠯᠠᠳᠠᠯ᠎ᠠ ᠭᠦᠯᠢᠶᠡᠯ᠎ᠡ

ᠭᠦᠰᠡᠨ ᠭᠦᠯᠢᠶᠡᠯ᠎ᠡ᠂   ᠭᠦᠭ᠍ᠰᠡᠨ ᠭᠦᠯᠢᠶᠡᠯ᠎ᠡ

ᠭᠦᠯᠳᠡᠭ᠍ᠰᠡᠨ ᠢ ᠭᠡᠰᠳᠡᠯ᠎ᠡ

ᠭᠦᠡᠳᠡᠭ᠍ᠰᠡᠨ ᠢ ᠭᠡᠮᠳᠦᠳᠡᠯ᠎ᠡ

ᠪᠢ ᠴᠢᠮ᠎ᠠ ᠶᠢ ᠭᠦᠯᠢᠶᠡᠯ᠎ᠡ


ᠵᠤᠬᠢᠶᠠᠭᠴᠢ ᠶᠢᠨ ᠬᠠ‍‌ᠶᠢᠭ ᠄ ᠵᠠᠷᠤᠳ

ᠵᠤᠬᠢᠶᠠᠭᠴᠢ᠄ ᠳ·ᠰᠤᠳᠨᠠᠮ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2628
ᠴᠠᠭ᠄ 2011 ᠤᠨ ᠤ 05 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ