ᠨᠡᠪᠲᠡᠷᠡᠨ ᠤᠷᠤᠬᠤ
ᠵᠢᠩᠭᠠᠷ (ᠳᠡᠳ᠋ ᠪᠦᠯᠦᠭ)
ᠣᠯᠠᠨ ᠪᠦᠯᠦᠭ᠌ ᠲᠡᠶ ᠷᠠᠳᠢᠤ᠋ ᠵᠥᠴᠦᠭᠡ

         ᠬᠤᠶᠠᠳᠤᠭᠠᠷ ᠪᠦᠯᠦᠭ᠌ ᠵᠢᠩᠭ᠋ᠠᠷ ᠤᠨ ᠪᠠᠯᠴᠢᠷ ᠨᠠᠰᠤ


[ᠣᠷᠤᠰᠢᠯ ᠠᠶᠠᠰ (ᠭᠦᠭ᠍ᠵᠢᠮ1 ᠊᠊᠊᠊᠊᠊᠊᠊᠊᠊᠊᠊᠊᠊᠊ 01) ᠊ᠤᠨ ᠳᠤᠮᠳᠠ ᠳᠠᠢ᠌ᠯᠪᠣᠷᠢᠯᠠᠭᠴᠢ ᠳᠤᠰ ᠵᠥᠴᠦᠭᠡ ᠶᠢᠨ ᠪᠦᠯᠦᠭ᠌ ᠤᠨ ᠭᠠᠷᠴᠠᠭ ᠪᠠ ᠵᠥᠴᠦᠭᠡ ᠶᠢᠨ ᠠᠵᠢᠯᠳᠠᠤᠨ ᠢ ᠳᠠᠨᠢᠯᠴᠠᠭᠤᠯᠤᠨ᠎ᠠ ]

        *     *      *

  [ᠲ᠋ᠠᠯ᠎ᠠ ᠨᠤᠳᠤᠭ ᠤᠨ ᠦᠷᠯᠦᠭᠡ ᠶᠢᠨ ᠪᠠᠢ᠌ᠳᠠᠯ ᠢ ᠳᠤᠰᠬᠠᠭᠰᠠᠨ ᠭᠦᠭ᠍ᠵᠢᠮ (2 ᠊᠊᠊᠊᠊᠊᠊᠊᠊᠊᠊᠊᠊᠊᠊ 01) ᠁ ᠬᠤᠯᠠ ᠳᠤ ᠨᠤᠬᠠᠢ ᠬᠤᠴᠠᠵᠤ᠂ ᠰᠢᠪᠠᠭᠤᠨ ᠳᠤᠩᠭ᠋ᠤᠳᠤᠨ᠎ᠠ ᠁ ᠤᠢ᠌ᠷᠠᠬᠠᠨ ᠳᠤ ᠵᠡᠭᠡᠷᠳᠡ ᠲᠠᠭᠠᠨ ᠢᠠᠴᠠᠭᠠᠨ᠎ᠠ ᠁

ᠶ‍ᠢᠠᠳᠢᠷᠠᠢ ᠴᠠᠭᠠᠨ ᠡᠪᠦᠭᠡᠨ᠄ (ᠳᠠᠭ᠎ᠠ ᠪᠠᠨ ᠳᠠᠭᠤᠳᠠᠵᠤ) ᠮᠤ᠋ ᠮᠣ᠊︕ (ᠳᠦᠱᠭᠢᠷᠴᠤ) ᠵᠡᠭᠡᠷᠳᠡ ᠲᠠᠭᠠᠨ ᠨᠠᠭᠠᠷᠤ︕ ( ᠲᠠᠭᠠᠨ ᠭᠦᠭᠦᠷᠰᠡᠵᠤ᠂ ᠬᠤᠤᠭᠢᠷᠴᠤ᠂ ᠳᠤᠷᠭᠢᠵᠤ ᠤᠢ᠌ᠷᠠᠳᠤᠵᠤ ᠢᠷᠠᠨ᠎ᠠ)

ᠶ‍ᠢᠠᠳᠢᠷᠠᠢ ᠴᠠᠭᠠᠨ ᠡᠪᠦᠭᠡᠨ᠄ (ᠬᠤᠯᠠ ᠶᠢᠨ ᠪᠣᠳᠤᠯ ᠲᠡᠶ ᠪᠠᠷ)

ᠡ︕ ᠪᠣᠷᠬᠠᠨ ᠦᠷᠦᠰᠢᠶᠡᠭᠦᠯ᠎ᠡ ᠨᠢᠭᠡ ᠡᠳᠦᠷ

ᠵᠡᠭᠡᠷᠳᠡ ᠲᠠᠭᠠᠨ ᠴᠢ ᠮᠤᠷᠢᠨ ᠪᠣᠯᠤᠭᠰᠠᠨ ᠴᠠᠭ ᠳᠤ

ᠦᠵᠤᠩ ᠤᠨ ᠦᠨᠦᠴᠢᠨ ᠭᠠᠭᠴᠠ ᠭᠦᠪᠠᠭᠦᠨ

ᠡᠷ᠎ᠡ ᠶᠢᠨ ᠴᠡᠭᠡᠯ ᠳᠤ ᠭᠦᠷᠦᠭ᠍ᠰᠡᠨ ᠴᠠᠭ ᠳᠤ

ᠡᠨᠡ ᠽᠠᠮᠪᠣᠳᠢᠪ ᠶᠠᠮᠠᠷᠬᠠᠨ ᠪᠣᠯᠬᠤ ᠵᠢ

ᠨᠢᠭᠡ ᠦᠵᠡᠵᠤ ᠪᠣᠯᠬᠤ︕

ᠡᠮᠡᠭᠡᠨ᠄ (ᠣᠷᠤᠴᠠ ᠳᠤᠳᠤᠷ᠎ᠠ ᠡᠴᠠ ᠴᠤᠴᠢᠭᠰᠠᠨ ᠳᠠᠭᠤ ᠳ᠋ᠤ) ᠭᠦᠭ᠍ᠰᠢᠨ ᠭᠦᠭ᠍ᠰᠢᠨ︕ ᠬᠤᠷᠳᠤᠨ ᠢᠷᠡᠭᠡᠴᠢ︕

ᠶ‍ᠢᠠᠳᠢᠷᠠᠢ ᠴᠠᠭᠠᠨ ᠡᠪᠦᠭᠡᠨ᠄ ᠶᠠᠭᠤᠨ ᠪᠣᠯᠤᠭᠠᠤᠨ ᠣᠤᠠᠪᠠ︖ (ᠭᠦᠶ‍ᠦᠵᠤ ᠭᠡᠷ ᠲᠤ ᠣᠷᠤᠬᠤ ᠴᠢᠮᠡᠭᠡᠨ) ᠣ ᠁ ᠪᠣᠷᠬᠠᠨ ᠮᠢᠨᠢ︕ ᠡᠨᠡ ᠁ ᠡᠨᠡ ᠭᠦᠪᠠᠭᠦᠨ ᠤ ᠬᠤᠶᠠᠷ ᠳᠠᠯᠤ ᠶᠢᠨ ᠬᠢᠨᠢ ᠬᠤᠭᠤᠷᠤᠠᠳᠤ ᠳᠤᠰᠤᠨ ᠳᠤᠷᠯᠤᠭ ᠭᠦᠷᠡᠩ ᠣᠯᠠᠭᠠᠨ ᠮᠡᠩᠭᠡ ᠪᠠᠢ᠌ᠳᠠᠭ ᠵᠢᠭᠢ︕

ᠡᠮᠡᠭᠡᠨ᠄ ᠡ ᠪᠣᠷᠬᠠᠨ︕ ᠥᠵᠡᠭᠡᠴᠢ︕ ᠮᠡᠩᠭᠡ ᠡᠴᠡ ᠨᠢ ᠭᠤᠷᠪᠠᠨ ᠥᠩᠭᠡ ᠶᠢᠨ ᠰᠤᠯᠤᠩᠭ᠎ᠠ ᠳᠠᠳᠠᠵᠤ ᠪᠠᠢ᠌ᠨ᠎ᠠ᠃ ᠡᠨᠡ ᠭᠦᠪᠠᠭᠦᠨ ᠡᠩ ᠤᠨ ᠭᠦᠪᠠᠭᠦᠨ ᠪᠢᠰᠢ︕ ᠮᠡᠩᠭᠡ ᠶᠢ ᠨᠢ ᠭᠦᠮᠤᠨ ᠳᠤ ᠥᠵᠡᠭᠦᠯᠦᠯ ᠦᠭᠡᠶ ᠡᠰᠡ ᠠᠰᠠᠷᠠᠬᠤᠯ᠎ᠠ ᠪᠣᠯᠬᠤᠰᠢ︕

ᠶ‍ᠢᠠᠳᠢᠷᠠᠢ ᠴᠠᠭᠠᠨ ᠡᠪᠦᠭᠡᠨ᠄ (ᠪᠠᠶᠠᠷᠯᠠᠨ ᠳᠤᠭᠳᠤᠯᠵᠤ) ᠬᠠᠷᠢᠨ ᠬᠠᠷᠢᠨ︕ ᠡᠨᠡ ᠭᠦᠪᠠᠭᠦᠨ ᠡᠩ ᠤᠨ ᠭᠦᠪᠠᠭᠦᠨ ᠪᠢᠰᠢ︕

ᠪᠠᠷᠠᠭᠤᠨ ᠪᠠᠶ᠎ᠠ ᠵᠢᠨ

ᠪᠠᠯ ᠲᠡᠶ ᠣᠯᠠᠭᠠᠨ ᠬᠠᠯᠬ᠎ᠠ ᠡᠴᠠ ᠨᠢ

ᠪᠠᠳᠮᠠᠷᠠᠭ᠎ᠠ ᠶᠢᠨ ᠭᠡᠷᠡᠯ ᠴᠠᠴᠤᠷᠠᠭᠰᠠᠨ

ᠵᠡᠭᠦᠨ ᠪᠠᠶ᠎ᠠ ᠵᠢᠨ

ᠵᠢᠷᠦᠭᠡᠨ ᠣᠯᠠᠭᠠᠨ ᠬᠠᠯᠬ᠎ᠠ ᠡᠴᠠ ᠨᠢ

ᠵᠢᠷᠦᠭᠡᠨ ᠴᠠᠭᠢᠭᠤᠷ ᠤᠨ ᠭᠡᠷᠡᠯ ᠴᠠᠴᠤᠷᠠᠭᠰᠠᠨ

ᠠᠮᠢᠳᠤ ᠴᠢᠠᠳᠠᠮᠤᠨᠢ ᠶᠢᠨ ᠬᠤᠪᠢᠯᠭᠠᠨ ᠭᠦᠪᠠᠭᠦᠨ ᠡᠰᠡ ᠪᠣᠯᠬᠤ ᠪᠣᠢ︕

ᠡᠨᠡ ᠭᠦᠪᠠᠭᠦᠨ ᠮᠠᠨᠢ

ᠳᠠᠪᠭᠢ ᠳᠠᠪᠭᠢ ᠨᠠᠴᠢᠨ ᠤ ᠳᠠᠯᠢ᠌ᠬᠤ

ᠳᠠᠭᠢ ᠳᠠᠭᠢ ᠶᠢᠨ ᠵᠢᠯᠢ᠌ᠭᠦ

ᠳᠠᠭᠢᠯ ᠵᠤᠯᠠ ᠬᠠᠭᠠᠨ ᠤ ᠠᠴᠢ

ᠳᠠᠩᠰᠤᠭ ᠪᠣᠮᠪᠠ ᠬᠠᠭᠠᠨ ᠤ ᠭᠦᠪᠠᠭᠦᠨ

ᠦᠵᠤᠩ ᠠᠯᠳᠠᠷ ᠬᠠᠭᠠᠨ ᠤ

ᠦᠨᠦᠴᠢᠨ ᠬᠤᠴᠤᠷᠤᠭᠰᠠᠨ

ᠣᠷᠤ ᠭᠠᠭᠴᠠ ᠭᠦᠪᠠᠭᠦᠨ ᠨᠢ ᠰᠢᠤ︕

ᠡᠮᠡᠭᠡᠨ᠄ (ᠪᠠᠶᠠᠷᠯᠠᠵᠤ)

ᠡᠷᠭᠦᠳᠡᠭ᠌ ᠶᠢᠡᠨ ᠠᠰᠠᠷᠠᠬᠤᠯ᠎ᠠ ᠮᠠᠯ ᠪᠣᠯᠳᠠᠭ

ᠦᠨᠦᠴᠢᠨ ᠶᠢᠡᠨ ᠠᠰᠠᠷᠠᠬᠤᠯ᠎ᠠ ᠭᠦᠮᠤᠨ ᠪᠣᠯᠳᠠᠭ︕

ᠪᠠᠭᠠᠳᠤᠷ ᠬᠠᠭᠠᠨ᠂ ᠪᠠᠶᠠᠨ ᠨᠤᠳᠤᠭ ᠤᠨ

ᠪᠠᠭᠤᠷᠢ ᠳᠡᠭᠡᠷ᠎ᠡ ᠬᠤᠴᠤᠷᠤᠭᠰᠠᠨ ᠪᠢᠳᠠᠨ ᠬᠤᠶᠠᠷ ᠳᠤ

ᠡᠭᠦᠨ ᠡᠴᠡ ᠢᠯᠡᠭᠦᠤ ᠵᠢᠷᠭᠠᠯ ᠪᠠᠢ᠌ᠬᠤ ᠦᠦ⁈

[ᠭᠦᠭ᠍ᠵᠢᠮ (2 ᠊᠊᠊᠊᠊᠊᠊᠊᠊᠊᠊᠊᠊᠊᠊ 02) ᠊᠊᠊᠊᠊᠊᠊᠊᠊᠊᠊᠊᠊᠊᠊ ᠡᠭᠡ ᠶᠢᠨ ᠡᠨᠡᠷᠢᠯ ᠢ ᠳᠤᠰᠬᠠᠭᠰᠠᠨ ᠭᠦᠭ᠍ᠵᠢᠮ᠃ ᠳᠠᠯᠠᠪᠠᠢ ᠰᠤᠯᠢᠭᠳᠠᠬᠤ ᠶᠢ ᠮᠡᠳᠡᠭᠦᠯᠦᠭ᠍ᠰᠡᠨ ᠨᠠᠮ ᠵᠢᠮ ᠪᠠᠢ᠌ᠳᠠᠯ ᠲᠦᠷ ᠦᠷᠭᠦᠯᠵᠢᠯᠡᠨ᠎ᠡ ᠁

          *    *    *

[ᠬᠤᠯᠠ ᠡᠴᠠ ᠣᠶᠠᠷᠠᠨ ᠭᠦᠭ᠍ᠵᠢᠮ (1 ᠊᠊᠊᠊᠊᠊᠊᠊᠊᠊᠊᠊᠊᠊᠊ 03) ᠡᠭᠦᠰᠤᠨ᠎ᠡ ᠁ ᠲᠠᠭᠠᠨ ᠢᠠᠴᠠᠭᠠᠬᠤ ᠁ ᠬᠡᠦᠬᠡᠳ ᠤᠨ ᠪᠠᠶᠠᠷᠳᠠᠢ ᠳᠠᠭᠤᠤ ᠪᠦᠷᠦᠭ᠌ ᠪᠠᠷᠤᠭ ᠁

ᠡᠮᠡᠭᠡᠨ᠄ (ᠪᠠᠶᠠᠷᠯᠠᠵᠤ) ᠡ᠂ ᠴᠠᠪᠠᠰᠤ︕ ᠭᠦᠮᠤᠨ ᠦᠨᠦᠴᠢᠨ ᠳᠡᠭᠡᠨ ᠥᠭᠦᠭᠦᠰᠢ᠂ ᠨᠤᠬᠠᠢ ᠭᠤᠷᠢᠶ᠎ᠠ ᠲᠡᠶ ᠳᠠᠭᠠᠨ ᠥᠭᠦᠭᠦᠰᠢ︕ ᠭᠤᠨᠠᠳᠠᠢ᠌ᠬᠠᠨ ᠨᠠᠰᠤᠨ ᠳᠠᠭᠠᠨ ᠭᠤᠤᠯ ᠤᠨ ᠭᠤᠷᠭᠤᠤᠯ ᠭᠡᠴᠡ ᠶᠢᠨ ᠺᠠᠺᠢᠯᠠᠭ᠂ ᠭᠡᠭᠡᠷ᠎ᠡ ᠶᠢᠨ ᠳᠠᠤᠯᠠᠢ ᠠᠪᠯᠠᠭᠠᠤᠨ ᠁ ᠠᠪᠣ ᠡᠵᠢ ᠪᠠᠨ ᠠᠰᠠᠷᠠᠵᠤ ᠪᠠᠢ᠌ᠨ᠎ᠠ ᠪᠢ ᠭᠡᠳ ᠭᠦᠶ‍ᠦᠵᠤ ᠶᠠᠪᠣᠬᠤ ᠶᠢ ᠨᠢ ᠥᠵᠡᠭᠡᠴᠢ︕ ᠰᠠᠢ᠌ᠨ ᠭᠦᠮᠤᠨ ᠤ ᠦᠷᠠᠨ ᠰᠢᠷᠠᠭᠰᠠᠨ ᠮᠢᠬᠠᠨ ᠤ ᠰᠢᠭᠦᠰᠤᠨ ᠭᠡᠳᠡᠭ᠌ ᠡᠨᠡ︕

ᠶ‍ᠢᠠᠳᠢᠷᠠᠢ ᠴᠠᠭᠠᠨ ᠡᠪᠦᠭᠡᠨ᠄ ᠡ ᠁ ᠡᠮᠡᠭᠡᠨ︕ ᠰᠠᠢ᠌ᠨ ᠭᠦᠮᠤᠨ ᠤ ᠦᠷᠠᠨ ᠰᠢᠷᠠᠭᠰᠠᠨ ᠮᠢᠬᠠᠨ ᠤ ᠰᠢᠭᠦᠰᠤᠨ ᠭᠡᠳᠡᠭ᠌ ᠴᠢᠨᠢ ᠶᠠᠭᠤᠨ ᠪᠣᠢ ⁈ ᠬᠠᠭᠠᠨ ᠭᠦᠮᠤᠨ ᠤ ᠦᠷᠠᠨ᠂ ᠬᠠᠨ ᠭᠠᠷᠤᠳᠢ ᠶᠢᠨ ᠵᠤᠯᠵᠠᠭᠠᠨ ᠭᠡᠳᠡᠭ᠌ ᠦᠭᠡᠶ ᠪᠣᠢ ᠴᠢ︕

ᠡᠮᠡᠭᠡᠨ᠄ ᠬᠠᠷᠢᠨ ᠬᠠᠷᠢᠨ︕ (ᠡᠪᠦᠭᠡᠨ ᠡᠮᠡᠭᠡᠨ ᠬᠤᠶᠠᠷ ᠢᠨᠢᠶᠠᠯᠳᠤᠨ᠎ᠡ ᠁)

   [ᠬᠤᠯᠠ ᠡᠴᠠ ᠭᠦᠪᠠᠭᠦᠨ ᠪᠣᠮᠪᠠ ᠶᠢᠨ ᠣᠷᠤᠨ ᠤ ᠳᠤᠬᠠᠢ ᠳᠠᠭᠤᠤ ᠶᠢ ᠣᠶᠠᠷᠠᠯᠳᠠᠢ ᠠᠶᠠᠰᠯᠠᠨ ᠢᠷᠠᠨ᠎ᠠ ᠁

ᠡᠮᠡᠭᠡᠨ᠄ ᠢᠱᠢ︕ ᠭᠦᠪᠠᠭᠦᠨ ᠮᠢᠨᠢ᠂ ᠳᠡᠭᠡᠳᠡᠯ᠎ᠡ ᠪᠠᠨ ᠶᠠᠭᠤᠨ ᠳᠠᠭᠠᠨ ᠭᠠᠩᠰᠠᠷᠠᠵᠤ ᠶᠠᠪᠣᠳᠠᠭ ᠪᠣᠢ︖

ᠶ‍ᠢᠠᠳᠢᠷᠠᠢ ᠴᠠᠭᠠᠨ ᠡᠪᠦᠭᠡᠨ᠄ (ᠰᠠᠨᠠᠭ᠎ᠠ ᠠᠯᠳᠠᠵᠤ) ᠠᠢ︕

   [ᠭᠦᠪᠠᠭᠦᠨ ᠠᠢ᠌ᠰᠤᠢ ᠁

ᠭᠦᠪᠠᠭᠦᠨ ᠄ ᠠᠪᠣ ᠡ︕ ᠡᠵᠢ ᠡ︕

ᠡᠮᠡᠭᠡᠨ᠂ ᠡᠪᠦᠭᠡᠨ᠄ ᠶᠠᠭᠠᠭᠢᠪᠠ ᠭᠦᠪᠠᠭᠦᠨ ᠮᠢᠨᠢ︖ ᠶᠠᠭᠤᠨ ᠪᠣᠯᠪᠠ︖

ᠭᠦᠪᠠᠭᠦᠨ᠄ ᠠᠪᠣ ᠡ︕ ᠡᠵᠢ ᠡ︕ ᠭᠠᠭᠴᠠᠭᠠᠷᠳᠠᠭᠠᠤᠨ ᠣᠢ᠌ᠳᠤᠭᠠᠤᠨ ᠪᠠᠢ᠌ᠨ᠎ᠠ ᠪᠢ᠃ ᠨᠠᠳᠠ ᠲᠡᠶ ᠨᠠᠭᠠᠳᠤᠮᠠᠷ ᠭᠦᠪᠠᠭᠦᠤᠨ ᠦᠭᠡᠶ ᠦᠦ︖

ᠶ‍ᠢᠠᠳᠢᠷᠠᠢ ᠴᠠᠭᠠᠨ ᠡᠪᠦᠭᠡᠨ᠄ ᠡ︕ ᠭᠦᠪᠠᠭᠦᠨ ᠮᠢᠨᠢ︕

ᠡᠨᠡ ᠪᠣᠮᠪᠠ ᠶᠢᠨ ᠣᠷᠤᠨ ᠳ᠋ᠤ

ᠴᠢᠮ᠎ᠠ ᠯᠤᠭ᠎ᠠ ᠨᠠᠭᠠᠳᠳᠠᠭ

ᠨᠢᠭᠡ ᠭᠦᠪᠠᠭᠦᠨ ᠴᠤ ᠥᠭᠡᠢ

ᠨᠠᠳᠠ ᠯᠤᠭ᠎ᠠ ᠬᠠᠭᠤᠴᠢ ᠭᠦᠭᠡᠷᠳᠡᠭ᠌

ᠨᠢᠭᠡ ᠡᠪᠦᠭᠡᠨ ᠴᠤ ᠦᠭᠡᠶ︕ ᠠᠢ︕

ᠭᠦᠪᠠᠭᠦᠨ᠄ ᠶᠠᠭᠠᠭᠢᠭᠠᠤᠨ ᠪᠣᠢ︖

  [ᠭᠦᠭ᠍ᠵᠢᠮ2 ᠊᠊᠊᠊᠊᠊᠊᠊᠊᠊᠊᠊᠊᠊᠊ 04 ᠊᠊᠊᠊᠊᠊᠊᠊᠊᠊᠊᠊᠊᠊᠊ ᠭᠦᠨ ᠪᠣᠳᠤᠯ ᠲᠡᠶ ᠭᠦᠡᠳᠤ ᠭᠦᠭ᠍ᠵᠢᠮ ᠬᠤᠯᠠ ᠡᠴᠠ ᠤᠢ᠌ᠷᠠᠳᠤᠨ᠎ᠠ ᠁

ᠶ‍ᠢᠠᠳᠢᠷᠠᠢ ᠴᠠᠭᠠᠨ ᠡᠪᠦᠭᠡᠨ᠄ (ᠰᠠᠨᠠᠭ᠎ᠠ ᠵᠤᠪᠠᠵᠤ)

ᠮᠠᠨ ᠤ ᠦᠵᠤᠩ ᠠᠯᠳᠠᠷ ᠬᠠᠭᠠᠨ ᠢ

ᠭᠦᠴᠦᠳᠡᠢ ᠭᠦᠷᠮᠡᠨ ᠬᠠᠭᠠᠨ

ᠭᠤᠯᠵᠢᠩ ᠰᠢᠷ᠎ᠠ ᠮᠠᠩᠭ᠋ᠤᠰ

ᠳᠦᠷᠳᠤᠩ ᠬᠠᠷ᠎ᠠ ᠮᠠᠩᠭ᠋ᠤᠰ

ᠳᠠᠭᠢ ᠶᠢᠨ ᠳᠠᠪᠤᠨ ᠱᠤᠯᠤᠮ ᠤᠨ ᠬᠠᠭᠠᠨ ᠭᠦᠷᠳᠡᠯ᠎ᠡ

ᠵᠥᠭ᠌ ᠵᠥᠭ᠌ ᠡᠴᠡ ᠢᠷᠠᠵᠤ ᠳᠠᠢ᠌ᠯᠠᠭᠠᠤᠨ

ᠴᠤᠭ ᠠᠮᠠᠷᠠᠭᠤᠯᠤᠭᠰᠠᠨ ᠦᠭᠡᠶ ᠪᠢᠯᠠ᠃

ᠢᠳᠠᠳᠠᠢ ᠳᠦᠷᠦᠭ᠍ᠰᠡᠨ ᠬᠠᠭᠠᠨ ᠪᠣᠯᠤᠭᠰᠠᠨ ᠳ᠋ᠠᠭᠠᠨ

ᠵᠥᠭ᠌ ᠵᠥᠭ᠌ ᠡᠴᠡ ᠢᠷᠡᠭ᠍ᠰᠡᠨ ᠳᠠᠢ᠌ᠰᠤᠨ ᠤ

ᠠᠯᠢ ᠭᠢ ᠳ᠋ᠤᠨᠢ ᠴᠤ ᠭᠦᠴᠤ ᠦᠭ‍ᠭᠦᠯ ᠥᠭᠡᠢ

ᠳᠡᠰᠦᠯᠴᠡᠭᠡᠳ ᠢᠷᠡᠭ᠍ᠰᠡᠨ ᠪᠢᠯᠠ᠃

[ᠭᠦᠭ᠍ᠵᠢᠮ2 ᠊᠊᠊᠊᠊᠊᠊᠊᠊᠊᠊᠊᠊᠊᠊ 04 ᠣᠯᠠᠮ ᠰᠢᠷᠦᠭᠦᠰᠤᠨ ᠬᠤᠷᠤᠰᠤᠯ ᠲᠡᠶ ᠬᠠᠩᠭᠢᠨᠠᠨ᠎ᠠ ᠁

ᠰᠢᠳᠠᠷ ᠤᠨ ᠵᠢᠯ ᠳ᠋ᠤ

ᠡᠷᠭᠢᠭᠦᠤ ᠮᠥᠩᠭᠦᠨ ᠳᠡᠪᠠᠭ᠌ ᠬᠠᠭᠠᠨ

ᠠᠷᠪᠠᠨ ᠮᠢᠩᠭ᠋ᠠᠨ

ᠠᠰᠠᠷ ᠬᠠᠷ᠎ᠠ ᠮᠠᠩᠭ᠋ᠤᠰ ᠶᠢᠡᠨ ᠳᠠᠭᠠᠭᠤᠯᠤᠭᠠᠤᠨ

(ᠳᠠᠢ᠌ᠨ ᠤ ᠴᠤᠤᠷᠢᠶ᠎ᠠ ᠳᠡᠪᠢᠰᠭᠡᠷᠯᠡᠨ᠎ᠡ)

ᠭᠡᠨᠡᠳᠲᠡᠭᠡᠨ ᠢᠷᠠᠵᠤ ᠳᠠᠪᠢᠷᠠᠭᠠᠤᠨ

ᠪᠣᠮᠪᠠ ᠶᠢᠨ ᠣᠷᠤᠨ ᠢ

ᠪᠣᠳᠠᠩ ᠭᠦᠳᠡᠩ ᠪᠣᠯᠭᠠᠵᠤ

ᠦᠨᠦᠴᠢᠨ ᠭᠦᠪᠠᠭᠦᠨ

ᠥᠯᠦᠭ᠍ᠴᠢᠨ ᠨᠤᠬᠠᠢ ᠥᠯᠡᠳᠡᠭᠡᠯ ᠥᠭᠡᠢ

ᠬᠠᠮᠤᠨ ᠳᠠᠭᠤᠭᠠᠤᠨ ᠶᠠᠪᠣᠯ᠎ᠠ ᠁

ᠳᠡᠭᠡᠭᠡᠳ ᠁ ᠴᠢ ᠪᠢᠳᠠᠨ

ᠳᠡᠭᠡᠷ᠎ᠡ ᠡᠴᠡ ᠳᠠᠳᠠᠬᠤ

ᠳᠠᠯ ᠤᠨ ᠣᠩᠭ᠋ᠤᠢ ᠥᠭᠡᠢ

ᠳᠤᠤᠷ᠎ᠠ ᠡᠴᠠ ᠳᠦᠩᠨᠡᠭᠦ

ᠰᠡᠭᠦᠯ ᠤᠨ ᠰᠦᠯᠵᠢᠶ᠎ᠠ ᠥᠭᠡᠢ

ᠪᠠᠭᠤᠷᠢ ᠳᠡᠭᠡᠷ᠎ᠡ ᠬᠤᠴᠤᠷᠤᠭᠰᠠᠨ ᠮᠠᠨᠢ ᠡᠨᠡ

[ᠡᠪᠦᠭᠡᠨ ᠤ ᠥᠭᠡ ᠪᠠᠯᠠᠷᠬᠠᠢ᠌ᠳᠤᠵᠤ ᠭᠦᠭ᠍ᠵᠢᠮ 2 ᠊᠊᠊᠊᠊᠊᠊᠊᠊᠊᠊᠊᠊᠊᠊ 04 ᠰᠠᠨᠠᠭᠠᠯᠵᠠᠯ ᠮᠦᠷᠦᠭᠡᠳᠦᠯ ᠤᠨ ᠣᠶᠠᠷᠠᠯᠳᠠᠢ ᠠᠶᠠᠰ ᠪᠣᠯᠵᠤ ᠬᠤᠪᠢᠷᠠᠨ᠎ᠠ ᠁

ᠳᠠᠢ᠌ᠯᠪᠣᠷᠢ᠄ (ᠭᠦᠭ᠍ᠵᠢᠮ ᠳᠤ ᠳᠠᠪᠬᠤᠴᠠᠭᠤᠯᠤᠨ) ᠶ‍ᠢᠠᠳᠢᠷᠠᠢ ᠴᠠᠭᠠᠨ ᠡᠪᠦᠭᠡᠨ ᠪᠣᠮᠪᠠ ᠶᠢᠨ ᠣᠷᠤᠨ ᠤ ᠳᠡᠦᠭᠡ ᠱᠠᠰᠳᠢᠷ ᠪᠣᠯᠤᠨ ᠵᠢᠩᠭ᠋ᠠᠷ ᠤᠨ ᠡᠪᠦᠭᠡ ᠳᠡᠭᠡᠳᠦᠰ ᠡᠴᠡ ᠨᠠᠭᠠᠷᠤ ᠭᠢ ᠣᠭ ᠣᠳᠤᠮ ᠤᠨ ᠬᠢᠨᠢ ᠳᠡᠦᠭᠡ ᠴᠠᠳᠢᠭ ᠢ ᠭᠦᠪᠠᠭᠡᠨ ᠳᠤ ᠳᠤᠭᠠᠴᠢᠨ ᠭᠡᠯᠡᠵᠤ ᠦᠭ‍ᠭᠦᠭᠡᠳ᠂ ᠠᠪᠣ ᠡᠵᠢ ᠶᠢ ᠨᠢ ᠡᠷᠭᠢᠭᠦᠤ ᠮᠥᠩᠭᠦᠨ ᠳᠡᠪᠠᠭ᠌ ᠬᠠᠭᠠᠨ ᠠᠯᠠᠵᠤ᠂ ᠪᠣᠮᠪᠠ ᠶᠢᠨ ᠣᠷᠤᠨ ᠢ ᠬᠤᠪᠠᠬᠠᠢ᠌ᠷᠠᠭᠤᠯᠵᠤ᠂ ᠠᠯᠪᠠᠳᠤ ᠶᠡᠭᠡ ᠨᠤᠳᠤᠭ ᠢ ᠨᠢ ᠣᠯᠵᠠᠯᠠᠵᠤ ᠶᠠᠪᠣᠭᠰᠠᠨ ᠢ ᠨᠢᠭᠡ ᠨᠢᠭᠡ ᠪᠠᠷ ᠠᠯᠳᠠᠯ ᠦᠭᠡᠶ ᠭᠡᠯᠡᠵᠤ ᠥᠭ᠍ᠪᠡ᠃ (ᠭᠦᠭ᠍ᠵᠢᠮ ᠦᠷᠭᠦᠯᠵᠢᠯᠡᠨ᠎ᠡ ᠁)

ᠭᠦᠪᠠᠭᠦᠨ᠄ (ᠣᠭᠢᠯᠠᠵᠤ) ᠠᠪᠣ ᠡ︕ ᠳᠠᠷᠠ ᠁ ᠳᠠᠷᠠ

ᠡᠷᠭᠢᠭᠦᠤ ᠮᠥᠩᠭᠦᠨ ᠳᠡᠪᠠᠭ᠌ ᠬᠠᠭᠠᠨ ᠭᠡᠳᠡᠭ᠌

ᠡᠯᠡᠮᠡᠷ ᠴᠢᠨᠢ ᠠᠯᠢ ᠵᠥᠭ᠌ ᠲᠤ ᠪᠠᠢ᠌ᠨ᠎ᠠ︖

ᠵᠢᠭᠠᠭᠠᠤᠨ ᠦᠭ‍ᠭᠦᠭᠡᠴᠢ︕

ᠪᠢ ᠣᠳᠤᠭᠠᠤᠨ ᠭᠤᠯᠤᠮᠳᠠ ᠶᠢ ᠨᠢ ᠬᠠᠷᠠᠯᠠᠭᠤᠯᠤᠭᠠᠤᠨ ᠢᠷᠡᠰᠦᠭᠡᠢ︕

ᠡᠮᠡᠭᠡᠨ᠄ ᠢᠱᠢ᠂ ᠭᠦᠭᠡᠷᠦᠭᠦᠢ ᠮᠢᠨᠢ︕

ᠮᠢᠬᠠᠨ ᠴᠢᠨᠢ ᠮᠢᠬᠠᠰᠢᠭᠠᠤᠨ ᠦᠭᠡᠶ ᠯᠠᠢ︕

ᠱᠦᠯᠦᠨ ᠴᠢᠨᠢ ᠱᠥᠯᠦᠰᠢᠭᠡᠳ ᠦᠭᠡᠶ ᠯᠠᠢ︕

(ᠡᠪᠦᠭᠡᠨ ᠳᠡᠭᠡᠨ ᠠᠭᠤᠷᠯᠠᠵᠤ) ᠡᠨᠡ ᠭᠦᠭ᠍ᠰᠢᠨ ᠵᠥᠨᠦᠭ᠌᠂ ᠭᠡᠯᠡ ᠠᠮᠠᠨ ᠦᠭᠡᠶ ᠭᠦᠪᠠᠭᠦᠨ ᠳᠤ ᠪᠣᠯᠬᠤ ᠪᠣᠯᠤᠰᠢ ᠦᠭᠡᠶ ᠶᠠᠭᠤᠮᠠᠨ ᠰᠤᠨᠤᠰᠬᠠᠭᠠᠤᠨ ᠶᠠᠭᠠᠭᠢᠬᠤ ᠪᠣᠢ ⁈

ᠶ‍ᠢᠠᠳᠢᠷᠠᠢ ᠴᠠᠭᠠᠨ ᠡᠪᠦᠭᠡᠨ᠄ (ᠡᠷᠡᠰ ᠰᠢᠭᠤᠷᠬᠠᠢ) ᠪᠠᠭ᠎ᠠ ᠭᠡᠵᠤ ᠪᠢᠳᠡᠭᠡᠢ ᠪᠠᠰᠤ ᠮᠢᠨᠤ ᠭᠦᠤ ᠶᠢ︕

ᠳᠠᠪᠭᠢ ᠳᠠᠪᠭᠢ ᠨᠠᠴᠢᠨ ᠤ ᠳᠠᠯᠢ᠌ᠬᠤ

ᠳᠠᠭᠢ ᠳᠠᠭᠢ ᠶᠢᠨ ᠵᠢᠯᠢ᠌ᠭᠦ

ᠳᠠᠭᠢᠯ ᠵᠤᠯᠠ ᠬᠠᠭᠠᠨ ᠤ ᠰᠠᠯᠳᠤᠷ

ᠳᠠᠩᠰᠤᠭ ᠪᠣᠮᠪᠠ ᠬᠠᠭᠠᠨ ᠤ ᠦᠯᠠᠳᠠᠯ

ᠦᠵᠤᠩ ᠠᠯᠳᠠᠷ ᠬᠠᠭᠠᠨ ᠤ ᠭᠦᠪᠠᠭᠦᠨ ᠭᠡᠳᠡᠭ᠌

ᠭᠤᠨ᠎ᠠ ᠣᠷᠤᠭᠴᠢ ᠨᠠᠰᠤᠨ ᠳ᠋ᠠᠭᠠᠨ

ᠭᠤᠷᠪᠠᠨ ᠶᠡᠭᠡ ᠪᠠᠢ᠌ᠷᠢ ᠶᠢᠨ ᠠᠮᠠ ᠶᠢ ᠡᠪᠳᠡᠵᠤ

ᠭᠤᠯᠵᠢᠩ ᠶᠡᠭᠡ ᠮᠠᠩᠭ᠋ᠤᠰ ᠬᠠᠭᠠᠨ ᠢ

ᠨᠤᠮ ᠳᠠᠭᠠᠨ ᠣᠷᠤᠭᠤᠯᠳᠠᠭ ᠠᠠᠳᠠᠭᠠᠷ ᠲᠡᠶ ᠶᠠᠭᠤᠮᠠᠨ︕

ᠭᠡᠪᠠᠴᠤ᠂ ᠭᠦᠪᠠᠭᠦᠨ ᠮᠢᠨᠢ᠂ ᠴᠢ ᠪᠠᠰᠠ ᠨᠢᠯᠬ᠎ᠠ ᠪᠠᠯᠴᠢᠷ ᠴᠢ︕

ᠦᠰᠢᠶ᠎ᠡ ᠭᠦᠭᠡᠭᠦᠯ᠎ᠡ ᠳᠠᠰᠢᠶ᠎ᠠ ᠬᠠᠮᠬᠠᠷᠠᠨ᠎ᠠ ᠭᠡᠨ᠎ᠡ᠂

ᠦᠰᠢᠶ᠎ᠡ ᠳᠠᠰᠢᠶ᠎ᠠ ᠪᠠᠨ ᠪᠠᠢ᠌ᠯᠭᠠᠵᠤ ᠪᠠᠢ᠌ᠶ᠎ᠠ ᠁

[ᠡᠪᠦᠭᠡᠨ ᠪᠣᠰᠴᠤ ᠶᠠᠪᠣᠭᠠᠤᠨ ᠬᠠᠩᠭᠢᠷ ᠵᠢᠩᠭᠢᠷ ᠳᠠᠳᠠᠭᠤᠯᠤᠨ ᠵᠠᠷ ᠵᠡᠪᠰᠡᠭ᠌ ᠡᠷᠭᠦᠵᠤ ᠢᠷᠡᠭᠦ ᠴᠢᠮᠡᠭᠡᠨ ᠁

ᠭᠦᠤ᠄ (ᠱᠠᠭᠰᠢᠷᠠᠵᠤ) ᠠᠪᠣ ᠡ︕ ᠠᠪᠣ︕ ᠡᠨᠡ ᠶᠠᠭᠠᠭᠢᠭᠰᠠᠨ ᠰᠠᠢ᠌ᠬᠠᠨ ᠵᠠᠷ ᠵᠡᠪᠰᠡᠭ᠌ ᠪᠣᠢ ⁈

ᠡᠮᠡᠭᠡᠨ᠄ (ᠰᠠᠠᠳᠤᠷᠤᠨ ᠳᠦᠭ᠍ᠰᠢᠵᠤ) ᠡ᠂ ᠪᠣᠷᠬᠠᠨ ᠮᠢᠨᠢ︕ ᠮᠢᠨᠤ ᠭᠦᠪᠠᠭᠦᠨ ᠡᠷᠳᠡᠨᠢ ᠶᠢᠨ ᠰᠢᠳᠢᠳᠤ ᠵᠠᠷ ᠵᠠᠪᠠ ᠪᠠᠨ ᠠᠭᠰᠠᠳᠠᠭ ᠴᠠᠭ ᠨᠢ ᠪᠣᠯᠤᠭᠠᠤᠨ ᠪᠠᠢ᠌ᠵᠠᠢ ᠯᠠᠢ︕ ᠦᠵᠤᠩ ᠠᠯᠳᠠᠷ ᠬᠠᠭᠠᠨ ᠤ ᠮᠠᠨᠢ ᠠᠢ᠌ᠯᠠᠳᠬᠠᠯ ᠲᠡᠶ ᠵᠠᠷ ᠵᠠᠪᠠ ᠶᠢ ᠭᠠᠷᠭᠠᠬᠤ ᠭᠡᠵᠤ ᠪᠠᠢ᠌ᠬᠤᠯ᠎ᠠ ᠁ ᠠᠯᠢ ᠪᠣᠢ ⁈ ᠡᠵᠢ ᠨᠢ ᠰᠠᠩ ᠰᠦᠷ ᠳᠠᠯᠪᠢᠶ᠎ᠠ︕ (ᠶᠠᠪᠣᠵᠤ ᠬᠤᠯᠠᠵᠢᠨ᠎ᠠ ᠁)

ᠶ‍ᠢᠠᠳᠢᠷᠠᠢ ᠴᠠᠭᠠᠨ ᠡᠪᠦᠭᠡᠨ᠄ ᠮᠠᠢ︕ ᠭᠦᠪᠠᠭᠦᠨ ᠮᠢᠨᠢ︕ ᠡᠴᠢᠭᠡ ᠴᠢᠨᠢ ᠴᠢᠮ᠎ᠠ ᠳᠤ ᠥᠯᠡᠳᠡᠭᠡᠭ᠍ᠰᠡᠨ ᠶᠠᠭᠤᠮᠠᠨ ᠡᠨᠡ︕

ᠭᠦᠪᠠᠭᠦᠨ᠄ (ᠵᠡᠪᠰᠡᠭ᠌ ᠢ ᠳᠤᠰᠴᠤ ᠠᠪᠣᠭᠠᠤᠨ᠂ ᠪᠠᠶᠠᠷᠯᠠᠨ ᠪᠠᠬᠠᠳᠤᠵᠤ)

ᠶᠠᠭᠠᠭᠢᠭᠰᠠᠨ ᠰᠠᠢ᠌ᠬᠠᠨ ᠢᠯᠳᠤ ᠪᠣᠢ ⁈

ᠶᠠᠮᠠᠷ ᠰᠠᠢ᠌ᠬᠠᠨ ᠠᠷᠠᠮ ᠪᠣᠢ ⁈

ᠡᠢ᠌ᠮᠤ ᠰᠠᠢ᠌ᠬᠠᠨ ᠰᠠᠭᠠᠳᠠᠭ ᠪᠠᠢ᠌ᠭᠰᠠᠨ ᠢ

ᠡᠷᠳᠡ ᠮᠡᠳᠡᠭ᠍ᠰᠡᠨ ᠪᠣᠯᠬᠤᠯ᠎ᠠ

ᠬᠠᠪᠢᠰᠤ ᠪᠠᠷ ᠰᠠᠭᠠᠳᠠᠭ ᠭᠢᠭᠡᠳ

ᠬᠠᠷᠭᠠᠨ᠎ᠠ ᠪᠠᠷ ᠰᠤᠮᠤ ᠭᠢᠵᠤ

ᠮᠠᠭᠤ ᠰᠠᠢ᠌ᠨ ᠭᠤᠷᠭᠤᠤᠯ ᠳᠠᠤᠯᠠᠢ

ᠭᠦᠭᠡᠭᠡᠳ ᠱᠠᠭ ᠶᠢᠡᠨ ᠪᠠᠷᠠᠳᠠᠭ ᠦᠭᠡᠶ ᠪᠢᠯᠠ ᠪᠢ︕ ᠭᠢ ᠭᠢ ᠭᠢ ᠭᠢ︕

(ᠡᠷᠭᠡᠯᠡᠨ) ᠠᠪᠣ ᠡ︕ ᠳᠠ ᠨᠠᠳᠠ ᠳᠤ ᠵᠡᠭᠡᠷᠳᠡ ᠳᠠᠭ᠎ᠠ ᠶᠢ ᠮᠢᠨᠢ ᠳᠤᠬᠤᠵᠤ ᠦᠭ‍ᠭᠦᠭ᠍ᠳᠤᠨ︕ (ᠣᠮᠤᠭᠳᠠᠢ ᠪᠠᠷ) ᠮᠢᠨᠤ ᠡᠭᠦᠷᠳᠡᠭ᠌ ᠵᠦᠪᠳᠠᠢ ᠵᠠᠷ ᠵᠠᠪᠠ ᠡᠨᠡ ᠪᠣᠯᠬᠤᠯ᠎ᠠ᠂ ᠢᠩᠭᠢᠭᠡᠳ ᠶᠠᠭᠠᠭᠢᠵᠤ ᠬᠠᠯᠢᠶᠠᠵᠤ ᠰᠠᠭᠤᠵᠤ ᠴᠢᠳᠠᠬᠤ ᠪᠢ︕ ᠬᠠᠢ᠌ᠷᠠᠨ ᠵᠠᠷ ᠵᠠᠪᠠ ᠶᠢ ᠵᠢᠪᠠ ᠢᠳᠡᠳᠡᠭ᠌ ᠲᠡᠭᠡᠨ ᠣᠷᠤᠵᠠᠢ᠃

ᠶ‍ᠢᠠᠳᠢᠷᠠᠢ ᠴᠠᠭᠠᠨ ᠡᠪᠦᠭᠡᠨ᠄ ᠭᠦᠪᠠᠭᠦᠨ ᠮᠢᠨᠢ︕ ᠣᠳᠤ ᠴᠢ ᠮᠤᠷᠢᠨ ᠳᠠᠭᠠᠨ ᠮᠤᠷᠳᠠᠵᠤ ᠳᠠᠢ᠌ᠨ ᠤ ᠳᠠᠯᠠᠨ ᠭᠤᠷᠪᠠᠨ ᠡᠷᠳᠡᠮ ᠰᠤᠷᠳᠠᠭ ᠴᠠᠭ ᠴᠢᠨᠢ ᠪᠣᠯᠪᠠ᠃ ᠵᠡᠭᠡᠷᠳᠡ ᠳᠠᠭ᠎ᠠ ᠪᠠᠨ ᠳᠤᠬᠤᠳᠠᠭ ᠭᠡᠷᠡᠭ᠌︕

ᠭᠦᠤ᠄ (ᠪᠠᠶᠠᠷᠯᠠᠨ) ᠬᠨ︕ ᠪᠢ ᠮᠤᠷᠳᠠᠳᠠᠭ ᠴᠠᠭ ᠪᠣᠯᠪᠠ︕ ᠵᠡᠭᠡᠷᠳᠡ ᠳᠠᠭ᠎ᠠ ᠪᠠᠨ ᠳᠤᠬᠤᠶ᠎ᠠ︕

[ᠴᠤᠪᠣᠭᠤᠯᠢᠭ ᠭᠦᠭ᠍ᠵᠢᠮ ᠡᠭᠦᠰᠤᠨ᠎ᠡ ᠁ ᠵᠡᠭᠡᠷᠳᠡ ᠲᠠᠭᠠᠨ ᠭᠦᠭᠦᠷᠰᠤᠨ᠎ᠡ ᠁ ᠢᠠᠴᠠᠭᠠᠯᠠᠨ᠎ᠠ ᠁

[ᠭᠦᠤ ᠶᠢᠨ ᠮᠤᠷᠢ ᠳᠤᠪᠳᠤᠯᠤᠨ ᠵᠡᠪᠰᠡᠭ᠌ ᠤᠨ ᠡᠷᠳᠡᠮ ᠰᠤᠷᠴᠤ ᠪᠠᠢ᠌ᠬᠤ ᠴᠢᠮᠡᠭᠡᠨ ᠁ ᠭᠦᠭ᠍ᠵᠢᠮ 2 ᠊᠊᠊᠊᠊᠊᠊᠊᠊᠊᠊᠊᠊᠊᠊ 05 ᠁

ᠳᠠᠢ᠌ᠯᠪᠣᠷᠢ᠄ ᠶ‍ᠢᠠᠳᠢᠷᠠᠢ ᠴᠠᠭᠠᠨ ᠡᠪᠦᠭᠡᠨ ᠵᠢᠩᠭ᠋ᠠᠷ ᠭᠦᠪᠠᠭᠦᠨ ᠳᠡᠭᠡᠨ ᠳᠠᠢ᠌ᠨ ᠤ ᠳᠠᠯᠠᠨ ᠭᠤᠷᠪᠠᠨ ᠡᠷᠳᠡᠮ ᠢ ᠵᠠᠬ᠎ᠠ ᠡᠴᠠ ᠨᠢ ᠡᠭᠢᠯᠡᠨ ᠥᠯᠡᠳᠡᠭᠡᠯ ᠦᠭᠡᠶ ᠵᠢᠭᠠᠵᠠᠢ᠃ ᠳᠡᠭᠦᠨ ᠤ ᠳᠡᠭᠡᠷ᠎ᠡ ᠨᠢ ᠳᠤᠩᠭ᠋ᠠᠨ ᠪᠠᠶ᠎ᠠ ᠳ᠋ᠤᠨᠢ ᠳᠦᠷᠦᠭᠦᠨ ᠳᠦᠷᠤᠯ ᠡᠴᠡ ᠨᠢ ᠬᠠᠮᠳᠤ ᠵᠠᠶᠠᠭᠠᠭᠳᠠᠭᠰᠠᠨ ᠢᠯᠠ ᠨᠠᠶᠠᠨ ᠨᠢᠭᠡᠨ ᠬᠤᠪᠢᠯᠭᠠᠨ ᠨᠢ ᠪᠦᠷᠢᠳᠦᠭᠡᠳ ᠢᠷᠠᠪᠠ ᠭᠡᠨ᠎ᠡ᠃ ᠳᠠᠯᠳᠠ ᠳᠠᠯᠠᠨ ᠭᠤᠷᠪᠠᠨ ᠰᠦᠪᠡ ᠨᠢ ᠠᠮᠢᠯᠠᠭᠠᠤᠨ ᠢᠷᠠᠪᠠ ᠭᠡᠨ᠎ᠡ᠃ (ᠳᠡᠭᠡᠷᠡᠭᠢ ᠭᠦᠭ᠍ᠵᠢᠮ ᠦᠷᠭᠦᠯᠵᠢᠯᠡᠨ᠎ᠡ ᠁)

ᠭᠦᠪᠠᠭᠦᠨ᠄ ᠠᠪᠣ ᠡ︕ ᠭᠤᠯᠵᠢᠩ ᠰᠢᠷ᠎ᠠ ᠮᠠᠩᠭ᠋ᠤᠰ ᠭᠡᠳᠡᠭ᠌ ᠬᠣᠢ᠌ᠳᠤ ᠵᠥᠭ᠌ ᠲᠤ ᠪᠠᠢ᠌ᠳᠠᠭ ᠡᠰᠡ ᠪᠢᠯᠠ ᠦᠦ⁈ (ᠮᠤᠷᠢᠨ ᠬᠤᠤᠭᠢᠷᠬᠤ ᠴᠢᠮᠡᠭᠡᠨ ᠁)

ᠶ‍ᠢᠠᠳᠢᠷᠠᠢ ᠴᠠᠭᠠᠨ ᠡᠪᠦᠭᠡᠨ᠄ (ᠴᠤᠴᠢᠵᠤ) ᠬᠤᠢ︕ ᠭᠦᠪᠠᠭᠦᠨ᠂ ᠡᠭᠦᠨ ᠢ ᠰᠤᠷᠠᠭᠠᠤᠨ ᠶᠠᠭᠠᠭᠢᠨ᠎ᠠ ᠴᠢ︖ ᠣᠢ᠌ᠵᠢᠭᠠᠤᠨ ᠦᠭᠡᠶ ᠦᠷᠢᠶ᠎ᠠ ᠮᠤᠷᠢᠳᠠᠢ ᠴᠢ︕ ᠥᠰᠦᠭᠡᠳ ᠦᠭᠡᠶ ᠪᠠᠭ᠎ᠠ ᠨᠠᠰᠤᠳᠠᠢ ᠴᠢ︕

ᠭᠦᠪᠠᠭᠦᠨ᠄ (ᠢᠨᠢᠶᠠᠵᠤ) ᠶᠠᠭᠠᠭᠢᠪᠠ ᠭᠡᠨ᠎ᠡ ᠳᠠ ᠠᠪᠣ ᠡ︕ ᠢᠩᠭᠢᠭᠡᠳ ᠡᠳᠦᠷ ᠪᠦᠷᠢ ᠠᠩ ᠭᠦᠷᠦᠭᠡᠰᠤ ᠭᠦᠭᠡᠯᠳᠦᠭᠡᠳ ᠪᠠᠢ᠌ᠬᠤ ᠪᠠᠷ ᠡᠷᠳᠡᠭᠡᠨ ᠪᠠᠢ᠌ᠯᠳᠤᠬᠤ ᠳᠠᠢ᠌ᠰᠤᠨ ᠤ ᠪᠠᠨ ᠪᠠᠢ᠌ᠴᠠ ᠪᠠᠷᠤᠭ ᠢ ᠨᠢ ᠠᠪᠴᠤ ᠪᠠᠢ᠌ᠬᠤᠯ᠎ᠠ᠂ ᠬᠣᠢ᠌ᠨ᠎ᠠ ᠨᠢ ᠭᠡᠷᠡᠭ᠌ ᠪᠣᠯᠳᠠᠭ ᠡᠰᠡ ᠪᠢᠯᠠ ᠦᠦ︕

ᠶ‍ᠢᠠᠳᠢᠷᠠᠢ ᠴᠠᠭᠠᠨ ᠡᠪᠦᠭᠡᠨ᠄ (ᠪᠠᠶᠠᠷᠯᠠᠨ) ᠬᠤᠢ᠂ ᠮᠢᠨᠤ ᠭᠦᠪᠠᠭᠦᠨ ᠡᠷ᠎ᠡ ᠵᠠᠯᠠᠭᠤ ᠶᠢᠨ ᠯᠠ ᠭᠡᠯᠡᠳᠡᠭ᠌ ᠥᠭᠡ ᠭᠡᠯᠡᠵᠤ ᠪᠠᠢ᠌ᠨ᠎ᠠ︕ ᠭᠤᠯᠵᠢᠩ ᠰᠢᠷ᠎ᠠ ᠮᠠᠩᠭ᠋ᠤᠰ ᠭᠡᠳᠡᠩ᠂ ᠬᠣᠢ᠌ᠳᠤ ᠵᠥᠭ᠌ ᠲᠤ ᠪᠠᠢ᠌ᠳᠠᠭ᠃ ᠳᠠ᠊ ᠁ ᠳᠠᠷᠠ ᠮᠠᠩᠬᠠᠨ ᠴᠠᠭᠠᠨ ᠠᠭᠤᠯᠠ ᠶᠢ ᠳᠠᠪᠠᠭᠠᠤᠨ᠂ ᠳᠡᠭᠦᠨ ᠡᠴᠡ ᠴᠠᠭᠠᠷᠤ ᠪᠠᠨ ᠭᠤᠷᠪᠠᠨ ᠰᠠᠷ᠎ᠠ ᠶᠢᠨ ᠭᠠᠵᠠᠷ ᠶᠠᠪᠣᠬᠤᠯᠠᠷ ᠴᠢᠨᠢ ᠪᠠᠢ᠌ᠨ᠎ᠠ︕

  [ᠡᠪᠦᠭᠡᠨ ᠤ ᠥᠭᠡ ᠳᠡᠭᠦᠰᠦᠭᠡᠳ ᠦᠭᠡᠶ ᠪᠠᠢ᠌ᠳᠠᠯ᠎ᠠ᠂ ᠮᠤᠷᠢᠨ ᠤ ᠳᠦᠪᠠᠷᠭᠡᠨ ᠳᠦᠴᠢᠭᠢᠨᠠᠨ ᠬᠤᠯᠠᠵᠢᠵᠤ᠂ ᠳᠡᠭ᠍ᠵᠢᠨ ᠪᠦᠭᠡᠳ ᠠᠶᠤᠮᠰᠢᠭᠳᠠᠢ ᠭᠦᠭ᠍ᠵᠢᠮ (2 ᠊᠊᠊᠊᠊᠊᠊᠊᠊᠊᠊᠊᠊᠊᠊ 06) ᠡᠭᠦᠰᠤᠨ᠎ᠡ ᠁

ᠭᠦᠤ᠄ (ᠬᠤᠯᠢᠵᠤ ᠪᠠᠢ᠌ᠨ)

ᠠᠴᠢᠳᠠᠨ ᠡᠴᠠ ᠠᠴᠢᠳᠠᠢ ᠠᠪᠣ ᠮᠢᠨᠢ

ᠠᠮᠤᠷ ᠰᠠᠢ᠌ᠬᠠᠨ ᠪᠠᠢ᠌ᠵᠤ ᠪᠠᠢ᠌ᠭᠳᠤᠨ︕

ᠭᠤᠨ᠎ᠠ ᠣᠷᠤᠭᠴᠢ ᠨᠠᠰᠤᠨ ᠳ᠋ᠠᠭᠠᠨ

ᠭᠤᠯᠵᠢᠩ ᠰᠢᠷ᠎ᠠ ᠮᠠᠩᠭ᠋ᠤᠰ ᠢ

ᠨᠤᠮ ᠳᠠᠭᠠᠨ ᠣᠷᠤᠭᠤᠯᠤᠭᠠᠤᠨ ᠢᠷᠡᠰᠦᠭᠡᠢ︕

[ᠡᠮᠦᠨᠡᠭᠢ ᠭᠦᠭ᠍ᠵᠢᠮ ᠣᠯᠠᠮ ᠳᠦᠷᠭᠡᠳᠡᠨ᠎ᠡ ᠁

ᠶ‍ᠢᠠᠳᠢᠷᠠᠢ ᠴᠠᠭᠠᠨ ᠡᠪᠦᠭᠡᠨ᠄ (ᠢᠨᠢᠶᠠᠵᠤ) ᠫᠢ︕ ᠠᠮᠠ ᠠᠯᠳᠠᠭᠠᠤᠨ ᠣᠷᠭᠢᠵᠤ ᠪᠢ︕

ᠵᠠ︕ ᠳᠠᠢ᠌ᠰᠤᠨ ᠶᠢᠡᠨ ᠳᠠᠷᠤᠵᠤ᠂ ᠳᠠᠷᠬᠠᠨ ᠴᠤᠯᠠ ᠪᠠᠨ ᠮᠠᠠᠳᠤᠭᠤᠯᠵᠤ ᠢᠷ᠎ᠠ︕ ᠭᠦᠪᠠᠭᠦᠨ ᠮᠢᠨᠢ︕ ᠳᠡᠭᠡᠳᠡᠭ᠌ ᠴᠠᠭ ᠴᠢᠨᠢ ᠴᠤ ᠪᠣᠯᠪᠠ︕ ᠬᠨ ᠬᠨ ᠬᠨ ᠬᠨ︕

ᠡᠮᠡᠭᠡᠨ᠄ ᠢᠱᠢ︕ ᠭᠦᠭᠡᠷᠦᠭᠦᠢ ᠮᠢᠨᠢ︕ ᠵᠠᠮ ᠴᠢᠨᠢ ᠴᠠᠭᠠᠨ ᠪᠣᠯᠳᠤᠭᠠᠢ︕ (ᠰᠥ᠋ ᠡᠷᠭᠦᠵᠤ) ᠴᠥᠭᠦᠭ᠌᠂ ᠬᠠᠢ᠌ᠷᠬᠠᠨ︕ ᠴᠠᠭᠠᠨ ᠰᠥ᠋ ᠰᠢᠭ᠌ ᠴᠠᠭᠠᠨ ᠵᠠᠮ ᠲᠡᠶ ᠪᠣᠯ᠂ ᠭᠦᠪᠠᠭᠦᠨ ᠮᠢᠨᠢ︕

ᠶ‍ᠢᠠᠳᠢᠷᠠᠢ ᠴᠠᠭᠠᠨ ᠡᠪᠦᠭᠡᠨ᠄ ᠬᠠᠢ︕ ᠡᠮᠡᠭᠡᠨ︕ ᠬᠠᠨ ᠭᠠᠷᠤᠳᠢ ᠶᠢᠨ ᠵᠤᠯᠵᠠᠭᠠᠨ ᠵᠢᠭᠦᠷ ᠣᠷᠭᠤᠭᠠᠤᠨ ᠨᠢᠰᠪᠠ᠃ ᠬᠠᠮᠤᠭ ᠨᠤᠳᠤᠭ ᠶᠢᠡᠨ ᠳᠡᠮᠡᠴᠡᠭᠡᠳ ᠪᠢᠳᠠᠨ ᠬᠤᠶᠠᠷ ᠮᠤᠷᠳᠠᠶ᠎ᠠ︕

ᠡᠮᠡᠭᠡᠨ᠄ ᠢᠱᠢ︕ ᠭᠦᠭᠡᠷᠦᠭᠦᠢ ᠭᠦᠪᠠᠭᠦᠨ ᠮᠢᠨᠢ︕ ᠡᠷᠭᠢᠵᠤ ᠢᠷᠡᠭᠦᠯ᠎ᠡ ᠨᠢ ᠪᠢᠳᠠᠨ ᠦᠭᠡᠶ ᠪᠣᠯᠬᠤᠯ᠎ᠠ ᠶᠠᠭᠠᠭᠢᠳᠠᠭ ᠪᠣᠯᠪᠠ᠂ ᠴᠠᠪᠠᠰᠤ︕

ᠶ‍ᠢᠠᠳᠢᠷᠠᠢ ᠴᠠᠭᠠᠨ ᠡᠪᠦᠭᠡᠨ᠄ ᠪᠣᠮᠪᠠ ᠶᠢᠨ ᠣᠷᠤᠨ ᠤ ᠰᠠᠪᠳᠠᠭ ᠰᠢᠪᠳᠡᠭ᠌ ᠪᠣᠯᠤᠭᠰᠠᠨ ᠴᠢ ᠪᠢᠳᠠᠨ ᠬᠤᠶᠠᠷ ᠣᠳᠤ ᠡ᠊ᠨᠳᠡ ᠪᠠᠢ᠌ᠭᠠᠤᠨ ᠪᠠᠢ᠌ᠳᠠᠭ ᠭᠡᠷᠡᠭ᠌ ᠦᠭᠡᠶ᠃ ᠡᠷᠭᠢᠭᠦᠤ ᠮᠥᠩᠭᠦᠨ ᠳᠡᠪᠠᠭ᠌ ᠬᠠᠭᠠᠨ ᠤ ᠭᠠᠷ ᠲᠤ ᠪᠣᠭᠤᠯ ᠪᠣᠯᠵᠤ ᠪᠠᠢ᠌ᠬᠤ ᠪᠣᠮᠪᠠ ᠶᠢᠨ ᠳᠠᠪᠤᠨ ᠰᠠᠶ᠎ᠠ ᠠᠯᠪᠠᠳᠤ ᠶᠠᠭᠠᠭᠢᠵᠤ ᠪᠠᠢ᠌ᠬᠤ ᠪᠣᠯᠪᠠ᠂ ᠳᠡᠭᠦᠨ ᠢ ᠦᠵᠡᠶ᠎ᠠ

ᠡᠮᠡᠭᠡᠨ᠄ ᠳᠡᠭᠡᠶ᠎ᠡ︕ ᠳᠡᠭᠡᠶ᠎ᠡ︕

[ᠭᠡᠨᠡᠳᠲᠡ ᠳᠡᠭᠡᠷ᠎ᠡ ᠬᠤᠷᠳᠤᠴᠠ ᠪᠠᠷ ᠨᠢᠰᠤᠨ ᠬᠤᠯᠠᠵᠢᠬᠤ ᠶᠢ ᠮᠡᠳᠡᠭᠦᠯᠦᠭ᠍ᠰᠡᠨ ᠴᠠᠭᠢᠯᠭᠠᠨ ᠭᠦᠭ᠍ᠵᠢᠮ ᠁

           *     *      *

  [ᠮᠠᠩᠭ᠋ᠤᠰ ᠤᠨ ᠣᠷᠤᠨ ᠤ ᠣᠷᠴᠢᠨ ᠪᠠᠢ᠌ᠳᠠᠯ ᠢ ᠳᠤᠰᠬᠠᠭᠰᠠᠨ ᠮᠠᠭᠤᠬᠠᠢ ᠠᠶ᠎ᠠ ᠲᠡᠶ ᠭᠦᠭ᠍ᠵᠢᠮ (2 ᠊᠊᠊᠊᠊᠊᠊᠊᠊᠊᠊᠊᠊᠊᠊ 07)᠂ ᠣᠭᠤᠯᠢ᠂ ᠰᠢᠷ᠎ᠠ ᠰᠢᠪᠠᠭᠤ ᠶᠢᠨ ᠳᠠᠭᠤ ᠁ ᠡᠯᠳᠡᠪ ᠠᠷᠢᠶᠠᠳᠠᠨ ᠤ ᠳᠠᠭᠤ ᠁

ᠳᠠᠢ᠌ᠯᠪᠣᠷᠢ᠄ ᠪᠣᠮᠪᠠ ᠶᠢᠨ ᠣᠷᠤᠨ ᠤ ᠳᠤᠰ ᠤᠨ ᠳᠠᠢ᠌ᠰᠤᠨ ᠪᠣᠯᠬᠤ ᠳᠠᠭᠢ ᠶᠢᠨ ᠳᠠᠪᠤᠨ ᠱᠤᠯᠤᠮ ᠤᠨ ᠬᠠᠭᠠᠨ ᠤ ᠣᠷᠳᠤᠨ ᠳᠤ᠁ ᠳᠠᠭᠢ ᠶᠢᠨ ᠳᠠᠪᠤᠨ ᠱᠤᠯᠤᠮ ᠤᠨ ᠬᠠᠭᠠᠨ᠂ ᠲᠦᠰᠢᠮᠠᠯ ᠪᠣᠳᠤᠩ ᠤᠳ ᠶᠢᠡᠨ ᠬᠤᠷᠢᠶᠠᠵᠤ ᠬᠤᠷᠠᠯᠳᠠᠢ ᠭᠢᠵᠤ ᠪᠠᠢ᠌ᠨ᠎ᠠ ᠁ ᠮᠠᠭᠤᠬᠠᠢ ᠭᠦᠭ᠍ᠵᠢᠮ ᠁ ᠱᠤᠯᠤᠮ ᠤᠨ ᠭᠡᠩᠭᠡᠷᠭᠡ ᠪᠦᠷᠢᠶ᠎ᠡ ᠁

ᠱᠤᠯᠤᠮ ᠤᠨ ᠬᠠᠭᠠᠨ᠄ (ᠭᠦᠭ᠍ᠵᠢᠮ ᠳᠤ ᠳᠠᠪᠬᠤᠴᠠᠭᠤᠯᠤᠨ᠂)

ᠦᠵᠤᠩ ᠠᠯᠳᠠᠷ ᠬᠠᠭᠠᠨ ᠤ

ᠪᠠᠭᠤᠷᠢ ᠳᠡᠭᠡᠷ᠎ᠡ ᠬᠤᠴᠤᠷᠤᠭᠰᠠᠨ

ᠦᠨᠦᠴᠢᠨ ᠪᠠᠯᠳᠡᠷᠭᠡ ᠨᠢ ᠴᠠᠭᠠᠨ᠎ᠠ ᠴᠢᠨᠢ

ᠭᠦᠮᠤᠨ ᠤ ᠳᠤᠭᠠᠨ ᠳᠤ ᠣᠷᠤᠵᠤ ᠭᠡᠨ᠎ᠡ᠃

ᠭᠤᠨ᠎ᠠ ᠣᠷᠤᠭᠴᠢ ᠨᠠᠰᠤᠨ ᠳ᠋ᠠᠭᠠᠨ

ᠭᠤᠯᠵᠢᠩ ᠶᠡᠭᠡ ᠮᠠᠩᠭ᠋ᠤᠰ ᠬᠠᠭᠠᠨ ᠢ

ᠨᠤᠮ ᠳᠠᠭᠠᠨ ᠣᠷᠤᠭᠤᠯᠵᠤ ᠠᠪᠣᠯ᠎ᠠ᠃

ᠳᠦᠨ᠎ᠡ ᠣᠷᠤᠭᠴᠢ ᠨᠠᠰᠤᠨ ᠳ᠋ᠠᠭᠠᠨ

ᠳ᠋ᠦᠷᠳᠤᠩ ᠰᠢᠷ᠎ᠠ ᠮᠠᠩᠭ᠋ᠤᠰ ᠬᠠᠭᠠᠨ ᠢ

ᠨᠤᠮ ᠳᠠᠭᠠᠨ ᠣᠷᠤᠭᠤᠯᠵᠤ ᠭᠡᠨ᠎ᠡ᠃

ᠡᠷᠭᠢᠨ ᠳᠠᠪᠤᠨ ᠨᠠᠰᠤᠨ ᠳ᠋ᠠᠭᠠᠨ

ᠳᠠᠭᠢ ᠶᠢᠨ ᠳᠠᠪᠤᠨ ᠱᠤᠯᠤᠮ ᠤᠨ ᠬᠠᠭᠠᠨ ᠢ

ᠨᠤᠮ ᠳᠠᠭᠠᠨ ᠣᠷᠤᠭᠤᠯᠳᠠᠭ ᠠᠠᠳᠠᠭᠠᠷ ᠲᠡᠶ ᠪᠢᠯᠠ᠃

ᠣᠳᠤ ᠳᠠᠷᠠ᠂ ᠳᠠᠪᠣ ᠭᠦᠷᠭᠦ ᠪᠠᠷ ᠪᠠᠢ᠌ᠨ᠎ᠠ︕

ᠡᠷᠳᠡᠭᠡᠨ ᠭᠦᠳᠡᠯᠦᠭᠡᠳ

ᠥᠯᠦᠭᠡᠢ ᠳᠤᠳᠤᠷ᠎ᠠ ᠨᠢ ᠠᠯᠠᠵᠤ ᠬᠠᠶᠠᠭᠠᠤᠨ

ᠳᠠᠭᠢᠯ ᠵᠤᠯᠠ ᠬᠠᠭᠠᠨ ᠤ ᠣᠭ ᠢ ᠳᠠᠰᠤᠯᠵᠤ

ᠳᠠᠩᠰᠤᠭ ᠪᠣᠮᠪᠠ ᠬᠠᠭᠠᠨ ᠤ ᠣᠷᠤᠨ ᠢ

ᠡᠵᠡᠯᠡᠵᠤ ᠠᠪᠳᠠᠭ ᠭᠡᠷᠡᠭ᠌᠂

ᠦᠨᠦᠴᠢᠨ ᠵᠡᠭᠡᠷᠳᠡ ᠳᠠᠭ᠎ᠠ ᠶᠢ

ᠣᠯᠵᠠᠯᠠᠵᠤ ᠢᠷᠡᠳᠡᠭ᠌ ᠭᠡᠷᠡᠭ᠌︕

ᠰᠠᠯᠭᠢᠨ ᠡᠴᠠ ᠠᠯᠳᠠ ᠬᠤᠷᠳᠤᠨ

ᠰᠠᠨᠠᠭᠠᠨ ᠡᠴᠠ ᠳᠠᠯᠢᠮ ᠬᠤᠷᠳᠤᠨ

ᠠᠷᠠᠠᠵᠠᠯ ᠪᠣᠯᠳᠠᠭ ᠲᠠᠭᠠᠨ ᠰᠢᠤ ᠳᠠᠷᠠ︕

ᠳᠠᠭᠢ ᠶᠢᠨ ᠳᠠᠪᠤᠨ ᠤ ᠭᠢᠨ ᠮᠤᠷᠳᠠᠵᠠᠭ᠎ᠠ︕

[ᠮᠠᠭᠤᠬᠠᠢ ᠭᠦᠭ᠍ᠵᠢᠮ 2 ᠊᠊᠊᠊᠊᠊᠊᠊᠊᠊᠊᠊᠊᠊᠊ 07 ᠁ ᠳᠠᠢ᠌ᠨ ᠤ ᠭᠡᠩᠭᠡᠷᠭᠡ ᠁ ᠣᠯᠠᠨ ᠮᠢᠩᠭ᠋ᠠᠨ ᠱᠤᠯᠤᠮ ᠤᠨ 《ᠣᠤᠬᠠᠢ》 ᠁ ᠳᠠᠢ᠌ᠨ ᠤ ᠭᠦᠭ᠍ᠵᠢᠮ ᠁

ᠳᠠᠢ᠌ᠯᠪᠣᠷᠢ᠄ ᠳᠠᠭᠢ ᠶᠢᠨ ᠳᠠᠪᠤᠨ ᠱᠤᠯᠤᠮ ᠤᠨ ᠭᠢᠨ

ᠳᠠᠪᠤᠨ ᠨᠠᠰᠤᠳᠠᠢ ᠦᠨᠦᠴᠢᠨ ᠵᠢᠩᠭ᠋ᠠᠷ ᠢ ᠠᠯᠠᠵᠤ

ᠳᠠᠭᠢᠯ ᠵᠤᠯᠠ ᠬᠠᠭᠠᠨ ᠤ ᠣᠭ ᠢ ᠳᠠᠰᠤᠯᠵᠤ

ᠳᠠᠩᠰᠤᠭ ᠪᠣᠮᠪᠠ ᠵᠢᠨ ᠣᠷᠤᠨ ᠢ ᠡᠵᠡᠯᠡᠵᠤ ᠠᠪᠬᠤ ᠪᠠᠷ

ᠳᠠᠭᠢ ᠶᠢᠨ ᠳᠠᠪᠤᠨ ᠱᠤᠯᠤᠮ ᠯᠤᠭ ᠶᠢᠡᠷ ᠵᠢᠠᠨ

ᠳᠠᠢ᠌ᠨ ᠳᠤ ᠭᠠᠷᠤᠭᠰᠠᠨ ᠵᠠᠮ ᠳ᠋ᠤ

ᠳᠠᠭᠢ ᠶᠢᠨ ᠳᠠᠪᠤᠨ ᠱᠤᠯᠤᠮ ᠤᠨ ᠬᠠᠭᠠᠨ ᠤ ᠵᠠᠮ ᠢ

ᠳᠠᠭ᠎ᠠ ᠣᠨᠤᠭᠰᠠᠨ ᠨᠢᠭᠡ ᠭᠦᠪᠠᠭᠦᠨ ᠳᠤᠷᠳᠤᠨ ᠳᠤᠰᠪᠠ︕

  [ᠮᠠᠭᠤᠬᠠᠢ ᠭᠦᠭ᠍ᠵᠢᠮ 2 ᠊᠊᠊᠊᠊᠊᠊᠊᠊᠊᠊᠊᠊᠊᠊ 07 ᠁ ᠳᠠᠢ᠌ᠨ ᠤ ᠭᠡᠩᠭᠡᠷᠭᠡ ᠶᠢᠨ ᠳᠠᠭᠤ ᠠᠭᠠᠵᠢᠮ ᠳᠠᠷᠤᠭᠳᠠᠨ 《ᠵᠢᠩᠭ᠋ᠠᠷ》 ᠊ᠤᠨ ᠭᠤᠤᠯ ᠠᠢ᠌ᠵᠠᠮ ᠪᠦᠭᠦᠢ ᠭᠦᠭ᠍ᠵᠢᠮ ᠪᠣᠯᠤᠨ ᠬᠤᠪᠢᠷᠠᠵᠤ᠂ ᠬᠤᠯᠠ ᠡᠴᠠ ᠭᠠᠭᠴᠠ ᠮᠤᠷᠢᠨ ᠤ ᠳᠦᠪᠠᠷᠭᠡᠨ ᠰᠦᠷᠳᠠᠢ ᠤᠢ᠌ᠷᠠᠳᠤᠨ᠎ᠠ ᠁

ᠱᠤᠯᠤᠮ ᠴᠤ ᠬᠠᠭᠠᠨ᠄ ᠡᠨ ᠮᠠᠨᠢ︕ ᠭᠦᠴᠦᠳᠡᠢ ᠭᠦᠯᠦᠭ᠌ ᠤᠨ ᠳᠦᠪᠠᠷᠭᠡᠨ ᠭᠠᠷᠤᠭᠠᠤᠨ ᠣᠤᠠᠪᠠ᠂ ᠶᠠᠮᠠᠷ ᠪᠢᠷᠮᠠᠨ ᠵᠢᠭᠢ ᠬᠠᠷᠠᠵᠠᠭ᠎ᠠ︕

ᠱᠤᠯᠤᠮA᠄ ᠵᠠ︕

   [ᠭᠦᠭ᠍ᠵᠢᠮ 2 ᠊᠊᠊᠊᠊᠊᠊᠊᠊᠊᠊᠊᠊᠊᠊ 10 ᠲᠡᠶ ᠬᠤᠯᠢᠯᠳᠤᠨ᠂ ᠰᠠᠯᠭᠢᠨ ᠰᠢᠭᠤᠷᠭᠠᠨ ᠁

ᠱᠤᠯᠤᠮ ᠤᠨ ᠬᠠᠭᠠᠨ᠄ (ᠰᠠᠠᠳᠤᠷᠴᠤ) ᠶᠠᠭᠠᠭᠢᠯ᠎ᠠ ᠪᠢ︕ ᠨᠠᠷᠢᠨ ᠴᠠᠭᠠᠨ ᠳᠤᠭᠤᠰᠤᠨ ᠳᠡᠭ᠍ᠷᠢ ᠳᠤ ᠬᠠᠳᠠᠭᠳᠠᠭᠠᠤᠨ ᠢᠷᠠᠪᠠ᠃ ᠳᠤᠤᠷᠳᠠᠭᠠᠤᠨ ᠠᠪ︕ ᠶᠠᠮᠠᠷ ᠪᠢᠷᠮᠠᠨ ᠵᠢᠭᠢ ᠦᠵᠡᠶ᠎ᠠ︕

ᠱᠤᠯᠤᠮA᠄ (ᠬᠠᠰᠭᠢᠷᠤᠨ ᠮᠡᠳᠡᠭᠦᠯᠵᠤ)

ᠳᠤᠤᠷᠳᠠᠭᠠᠤᠨ ᠳᠤᠰᠤᠭᠠᠤᠨ ᠳᠠᠢ᠌ᠯᠠᠮᠠᠷ

ᠳᠦᠷᠤ ᠲᠡᠶ ᠶᠠᠭᠤᠮᠠᠨ ᠪᠢᠰᠢ

ᠳᠠᠭᠠᠭᠢ ᠲᠡᠶ ᠵᠡᠭᠡᠷᠳᠡ ᠳᠠᠭ᠎ᠠ ᠣᠨᠤᠭᠰᠠᠨ

ᠳᠡᠭ᠍ᠳᠡᠭᠡᠷ ᠭᠦᠭᠡ ᠭᠦᠪᠠᠭᠦᠨ ᠠᠢ᠌ᠰᠤᠢ︕ ᠬᠨ ᠬᠨ ᠬᠨ︕

(ᠱᠤᠯᠤᠮ ᠤᠳ ᠨᠢᠷᠭᠡᠨ ᠢᠨᠢᠶᠠᠯᠳᠤᠨ᠎ᠡ)

ᠱᠤᠯᠤᠮ ᠤᠨ ᠬᠠᠭᠠᠨ᠄ (ᠬᠠᠭᠢᠷ ᠳᠠᠭᠤ ᠪᠠᠷ) ᠬᠠᠢ︕

ᠲᠠᠭᠠᠨ ᠮᠤᠷᠢ ᠣᠨᠤᠭᠰᠠᠨ

ᠳᠡᠭ᠍ᠳᠡᠭᠡᠷ ᠭᠦᠭᠡ ᠱᠤᠯᠤᠮ

ᠬᠠᠮᠢᠭ᠎ᠠ ᠡᠴᠠ ᠢᠷᠠᠪᠠ ᠴᠢ︖

ᠬᠠᠮᠢᠭ᠎ᠠ ᠣᠳᠤᠨ᠎ᠠ ᠴᠢ︖

ᠵᠢᠩᠭ᠋ᠠᠷ᠄ (ᠬᠡᠦᠬᠡᠳ)

ᠡᠮᠤᠨ᠎ᠡ ᠪᠠᠶ᠎ᠠ ᠶᠢ ᠴᠢᠨᠢ

ᠦᠷᠢᠨ ᠤᠨ ᠰᠠᠯᠭᠢᠨ ᠢᠳᠡᠭ᠍ᠰᠡᠨ

ᠠᠷᠤ ᠪᠠᠶ᠎ᠠ ᠶᠢ ᠴᠢᠨᠢ

ᠨᠠᠷᠠᠨ ᠰᠠᠯᠭᠢᠨ ᠢᠳᠡᠭ᠍ᠰᠡᠨ

ᠬᠤᠪᠠᠬᠠᠢ ᠭᠦᠭ᠍ᠰᠢᠨ ᠮᠥᠭ᠍ᠳᠡᠭ᠌ ᠴᠢ

ᠭᠡᠵᠢᠶᠡᠨ ᠡᠴᠡ ᠨᠠᠭᠠᠷᠤ ᠪᠠᠨ

ᠦᠵᠤᠩ ᠠᠯᠳᠠᠷ ᠬᠠᠭᠠᠨ ᠤ ᠭᠢᠨ ᠳ᠋ᠤ

ᠮᠢᠬᠠᠰᠠᠬᠤ ᠳᠠᠭᠠᠨ ᠶᠠᠭᠠᠭᠢᠨ᠎ᠠ ᠴᠢ︖

ᠴᠢᠮᠢ᠋ᠢ ᠳᠦᠷᠦᠭᠡ ᠳᠤᠤᠷ᠎ᠠ ᠪᠠᠨ ᠳᠠᠭᠵᠢᠭᠤᠯᠬᠤ ᠪᠠᠷ ᠢᠷᠠᠵᠤ ᠶᠠᠪᠣᠨ᠎ᠠ ᠪᠢ︕

ᠱᠤᠯᠤᠮ ᠤᠨ ᠬᠠᠭᠠᠨ᠄ (ᠪᠠᠰᠤᠮᠵᠢᠯᠠᠨ ᠢᠨᠢᠶᠠᠵᠤ) ᠬᠨ ᠬᠨ ᠬᠨ︕

ᠡᠷᠡᠭᠡᠢ ᠶᠢᠨ ᠴᠢᠨᠡᠭᠡᠨ ᠪᠠᠶ᠎ᠠ ᠲᠡᠶ ᠪᠠᠢ᠌ᠵᠤ ᠪᠠᠢ᠌ᠭᠠᠤᠨ

ᠡᠯᠵᠢᠭᠡᠨ ᠤ ᠴᠢᠨᠡᠭᠡᠨ ᠮᠤᠷᠢᠳᠠᠢ ᠪᠠᠢ᠌ᠵᠤ ᠪᠠᠢ᠌ᠭᠠᠤᠨ

ᠬᠠᠯᠢᠶ᠎ᠠ︕ ᠡᠨᠡ ᠪᠢᠷᠢᠳ ᠤᠨ ᠭᠡᠯᠡᠵᠤ ᠪᠠᠢ᠌ᠬᠤ ᠥᠭᠡ ᠶᠢ︕

(ᠵᠠᠷᠯᠢᠭᠳᠠᠵᠤ) ᠨᠠᠭ᠎ᠠ ᠳ᠋ᠠᠭᠢ ᠪᠠᠨ ᠠᠯᠠᠭᠠᠤᠨ

ᠨᠤᠬᠠᠢ ᠳᠤ ᠬᠠᠶᠠᠵᠤ ᠥᠭ᠍ᠴᠢᠭᠡ︕

[ᠣᠯᠠᠨ ᠱᠤᠯᠤᠮ ᠬᠠᠰᠭᠢᠷᠤᠨ ᠳᠠᠭᠠᠷᠢᠬᠤ ᠳᠠᠭᠤ ᠁

ᠵᠢᠩᠭ᠋ᠠᠷ᠄ (ᠬᠠᠰᠭᠢᠷᠤᠨ) ᠠᠯᠳᠠᠷ ᠵᠢᠩᠭ᠋ᠠᠷ ᠠᠭᠤᠤ ᠳᠦᠷᠢ ᠳᠡᠭᠡᠨ ᠳᠤᠬᠤᠷᠠ︕

   [ᠰᠢᠭᠤᠷᠭᠠᠯᠠᠵᠤ ᠠᠶᠤᠩᠭ᠎ᠠ ᠳᠠᠴᠢᠭᠢᠨᠠᠨ᠂ ᠭᠠᠵᠠᠷ ᠳᠡᠯᠡᠭᠡᠢ ᠳᠤᠭᠳᠤᠯᠵᠤ᠂ ᠠᠷᠠᠠᠵᠠᠯ ᠵᠡᠭᠡᠷᠳᠡ ᠢᠠᠴᠠᠭᠠᠨ᠎ᠠ ᠁ ᠱᠤᠯᠤᠮ ᠤᠳ ᠨᠢᠷᠭᠡᠵᠤ ᠁ 《ᠠᠯᠠᠪᠠ︕ ᠪᠢᠴᠢᠬᠠᠨ ᠬᠡᠦᠬᠡᠳ ᠪᠢᠰᠢ᠂ ᠪᠢᠷᠮᠠᠨ ᠪᠠᠭᠠᠳᠤᠷ ᠵᠢᠭᠢ》 ᠭᠡᠵᠤ ᠪᠠᠷᠭᠢᠷᠠᠯᠳᠤᠨ ᠳᠤᠳᠠᠭᠠᠬᠤ ᠳᠦᠪᠠᠷᠭᠡᠨ ᠁

ᠱᠤᠯᠤᠮA᠄ (ᠠᠶᠤᠵᠤ ᠳᠠᠭᠵᠢᠨ)

ᠣᠷᠤᠢ ᠳᠡᠭᠡᠷ᠎ᠡ ᠨᠢ

ᠸᠴᠢᠷᠪᠠᠨᠢ ᠶᠢᠨ ᠭᠡᠭᠡᠨ ᠭᠡᠷᠡᠯᠳᠦᠭ᠍ᠰᠡᠨ

ᠮᠠᠩᠨᠠᠢ ᠳᠡᠭᠡᠷ᠎ᠡ ᠨᠢ

ᠮᠠᡁᠠᠺᠠᠯᠢ ᠶᠢᠨ ᠭᠡᠭᠡᠨ ᠭᠡᠷᠡᠯᠳᠦᠭ᠍ᠰᠡᠨ

ᠡᠭᠡᠮ᠎ᠡ ᠳᠡᠭᠡᠷ᠎ᠡ ᠨᠢ

ᠨᠠᠷᠠᠨ ᠰᠠᠷᠠ ᠬᠤᠶᠠᠷ ᠮᠠᠠᠳᠤᠯᠠᠭᠰᠠᠨ

ᠦᠷᠤᠴᠠ ᠳᠡᠭᠡᠷ᠎ᠡ ᠨᠢ

ᠣᠳᠤᠨ ᠴᠤᠯᠮᠤᠨ ᠬᠤᠶᠠᠷ ᠭᠢᠯᠠᠯᠵᠠᠭᠰᠠᠨ

ᠶᠠᠮᠠᠷ ᠶᠡᠭᠡ ᠰᠢᠳᠢᠳᠠᠨ ᠪᠣᠢ︖

ᠶᠠᠮᠠᠷ ᠶᠡᠭᠡ ᠭᠦᠴᠦᠳᠡᠨ ᠪᠣᠢ︖ (ᠠᠶᠤᠵᠤ ᠬᠠᠷᠭᠤᠨ᠎ᠠ)

ᠱᠤᠯᠤᠮ ᠤᠨ ᠬᠠᠭᠠᠨ᠄ (ᠬᠠᠰᠭᠢᠷᠴᠤ) ᠠᠶᠤᠳᠠᠭ ᠴᠤᠴᠢᠳᠠᠭ ᠭᠡᠷᠡᠭ᠌ ᠥᠭᠡᠢ

ᠢᠯᠡᠭᠦᠤ ᠭᠡᠭᠦᠯ᠎ᠡ ᠦᠵᠤᠩ ᠤᠨ ᠦᠨᠦᠴᠢᠨ ᠴᠠᠭᠳᠠ ᠪᠣᠯᠬᠤ︕

ᠮᠢᠬ᠎ᠠ ᠨᠢ ᠮᠢᠬᠠᠰᠢᠭᠠᠤᠨ ᠦᠭᠡᠶ ᠱᠦᠯᠦ ᠨᠢ ᠱᠥᠯᠦᠰᠢᠭᠡᠳ ᠦᠭᠡᠶ ᠳᠡᠭᠡᠷ᠎ᠡ ᠨᠢ

ᠡᠳ᠋ ᠪᠣᠳᠠ ᠭᠢᠵᠤ ᠬᠠᠶᠠᠭᠠᠤᠨ᠂ ᠰᠠᠨᠠᠭ᠎ᠠ ᠠᠮᠠᠷᠠᠶ᠎ᠠ︕ (ᠬᠠᠰᠭᠢᠷᠤᠨ ᠳᠠᠭᠠᠷᠢᠵᠤ ᠣᠷᠤᠨ᠎ᠠ)

  [ᠬᠤᠶᠠᠷ ᠭᠦᠴᠦᠳᠡᠨ ᠤ ᠪᠠᠷᠢᠯᠳᠤᠭᠠᠨ ᠳᠤ ᠳᠡᠯᠡᠭᠡᠢ ᠳᠠᠢ᠌ᠪᠠᠯᠵᠠᠵᠤ ᠁ ᠠᠶᠤᠩᠭ᠎ᠠ ᠨᠢᠵᠢᠭᠢᠨᠠᠵᠤ ᠴᠠᠭᠢᠯᠭᠠᠨ ᠴᠠᠭᠢᠯᠠᠨ᠎ᠠ ᠁ ᠠᠭᠤᠯᠠ ᠨᠤᠷᠠᠵᠤ᠂ ᠳᠠᠯᠠᠢ ᠴᠠᠯᠭᠢᠨ᠎ᠠ ᠁

ᠳᠠᠢ᠌ᠯᠪᠣᠷᠢ᠄ (ᠡᠨᠡ ᠴᠤᠤᠷᠢᠶᠠᠨ ᠤ ᠳᠤᠮᠳᠠ)

ᠴᠠᠯᠢᠷ ᠴᠠᠭᠠᠨ ᠢᠯᠳᠤ ᠪᠠᠨ ᠴᠠᠭᠢᠯᠠᠭᠤᠯᠤᠨ

ᠳᠦᠷᠦᠭᠡ ᠶᠢᠨ ᠰᠤᠷ ᠲᠦᠯᠤᠷᠳᠠᠯ᠎ᠠ

ᠲᠦᠰᠢ ᠬᠠᠷ᠎ᠠ ᠡᠮᠡᠭᠡᠯ ᠪᠠᠯᠪᠠᠷᠠᠳᠠᠯ᠎ᠠ ᠰᠠᠭᠤᠭᠠᠤᠨ ᠳᠠᠪᠢᠷᠠᠭᠰᠠᠨ

ᠳᠠᠭᠢ ᠶᠢᠨ ᠳᠠᠪᠤᠨ ᠱᠤᠯᠤᠮ ᠤᠨ ᠬᠠᠭᠠᠨ ᠢ

ᠠᠷᠠᠢ ᠳᠠᠪᠤᠨ ᠨᠠᠰᠤᠳᠠᠢ ᠪᠣᠯᠪᠠᠴᠤ

ᠠᠯᠳᠠᠷ ᠪᠣᠭᠳᠠ ᠵᠢᠩᠭ᠋ᠠᠷ ᠣᠷᠳᠤ ᠽᠠᠠᠳᠠᠨ ᠠᠷᠠᠮ ᠶᠢᠡᠷ ᠵᠢᠠᠨ

ᠦᠷᠤᠴᠠ ᠳ᠋ᠤᠨᠢ ᠭᠤᠷᠪᠠ ᠠᠷᠠᠮᠳᠠᠭᠠᠤᠨ

(ᠠᠷᠠᠮᠳᠠᠵᠤ ᠪᠠᠢ᠌ᠬᠤ᠂ ᠱᠠᠪᠠᠳᠠᠵᠤ ᠪᠠᠢ᠌ᠬᠤ ᠶᠤᠤᠯᠠᠵᠤ ᠪᠠᠢ᠌ᠬᠤ ᠴᠢᠮᠡᠭᠡᠨ ᠳᠠᠪᠬᠤᠴᠠᠨ᠎ᠠ ᠁)

ᠬᠤᠩᠬᠤ ᠮᠥᠭᠡᠷᠰᠤ ᠪᠠᠷ ᠨᠢ ᠭᠦᠡᠳᠡᠯᠡᠨ ᠳᠠᠪᠢᠷᠠᠭᠠᠤᠨ

ᠨᠢᠭᠡ ᠠᠷᠠᠮᠳᠠᠭᠠᠤᠨ ᠣᠷᠭᠢᠬᠤ ᠶᠢᠨ ᠳᠠᠠᠳᠠ

ᠭᠡᠢ ᠨᠢ ᠵᠠᠩᠭᠢᠷᠠᠭᠠᠤᠨ ᠪᠦᠯᠭᠢᠳᠡᠷᠡᠭ᠍ᠰᠡᠨ

ᠭᠦᠭ᠍ᠰᠢᠨ ᠱᠤᠯᠤᠮ ᠤᠨ ᠬᠠᠭᠠᠨ ᠰᠠᠠᠳᠤᠷᠤᠭᠠᠤᠨ ᠣᠤᠠᠪᠠ ᠁

[ᠲ᠋ᠠᠢ᠌ᠨ ᠤ ᠴᠢᠮᠡᠭᠡᠨ ᠁

ᠱᠤᠯᠤᠮ ᠤᠨ ᠬᠠᠭᠠᠨ᠄ (ᠣᠷᠭᠢᠷᠠᠨ) ᠪᠠᠭᠠᠯᠵᠠᠭᠤᠷ ᠢ ᠴᠢᠨᠢ ᠪᠠᠯᠴᠠ ᠠᠳᠬᠤᠬᠤ ᠮᠢᠨᠢ︕ (ᠳᠠᠭᠠᠷᠢᠬᠤ)

ᠵᠢᠩᠭ᠋ᠠᠷ᠄ (ᠣᠮᠤᠭ ᠳᠠᠢ) ᠪᠠᠵᠠᠭᠠᠳᠠᠭ ᠭᠠᠷ ᠴᠢᠨᠢ ᠡᠨᠡ ᠦᠦ︖ (ᠢᠯᠳᠤ ᠶᠢᠨ ᠰᠢᠤ ᠭᠡᠭᠦ ᠴᠢᠮᠡᠭᠡᠨ ᠲᠡᠶ ᠬᠠᠮᠳᠤ ᠁

ᠱᠤᠯᠤᠮ ᠤᠨ ᠬᠠᠭᠠᠨ᠄ (ᠪᠠᠷᠭᠢᠷᠠᠨ ᠶᠤᠤᠯᠠᠵᠤ) ᠶ‍ᠤ᠋ ᠶᠤᠬᠤ︕ ᠬᠠᠢ᠌ᠷᠠᠨ ᠭᠠᠷ ᠮᠢᠨᠢ︕

   [ᠵᠢᠩᠭ᠋ᠠᠷ ᠭᠦᠴᠦᠯᠡᠨ ᠬᠠᠰᠭᠢᠷᠴᠤ᠂ ᠡᠷᠭᠦᠵᠤ ᠴᠤᠭᠢᠬᠤ ᠁ ᠠᠶᠤᠮᠰᠢᠭᠳᠠᠢ ᠭᠦᠭ᠍ᠵᠢᠮ ᠁

ᠵᠢᠩᠭ᠋ᠠᠷ᠄ (ᠳᠤᠯᠭᠠᠨ ᠠᠰᠠᠭᠤᠵᠤ) ᠭᠤᠮᠤᠳᠠᠯ ᠤᠨ ᠭᠤᠷᠪᠠᠨ ᠠᠮᠠᠨ ᠥᠭᠡ ᠴᠢᠨᠢ ᠪᠠᠢ᠌ᠬᠤᠯ᠎ᠠ ᠭᠤᠤᠯ ᠴᠢᠨᠢ ᠳᠠᠰᠤᠷᠠᠭᠠᠤᠨ ᠦᠭᠡᠶ ᠳᠡᠭᠡᠷ᠎ᠡ ᠭᠡᠯᠡ︕

ᠱᠤᠯᠤᠮ ᠤᠨ ᠬᠠᠭᠠᠨ᠄ (ᠭᠡᠨᠡᠨ ᠭᠤᠶᠤᠵᠤ) ᠣᠳᠠᠰᠤᠨ ᠤ ᠴᠢᠨᠡᠭᠡᠨ

ᠣᠯᠠᠭᠠᠨ ᠭᠤᠤᠯ ᠢ ᠮᠢᠨᠢ ᠬᠠᠢ᠌ᠷᠠᠯᠠ︕

ᠣᠭ ᠤᠨ ᠣᠭ ᠶᠢᠡᠷ ᠵᠢᠠᠨ

ᠣᠨᠠᠭᠠᠨ ᠪᠣᠭᠤᠯ ᠴᠢᠨᠢ ᠪᠣᠯᠰᠤᠭᠠᠢ

ᠮᠢᠩᠭ᠋ᠠᠨ ᠵᠢᠯ ᠤᠨ ᠠᠯᠪᠠ ᠪᠠᠷᠢᠰᠤᠭᠠᠢ︕

[ᠣᠯᠠᠨ ᠮᠢᠩᠭ᠋ᠠᠨ ᠱᠤᠯᠤᠮ ᠬᠠᠭᠠᠨ ᠢ ᠪᠠᠨ ᠳᠠᠭᠤᠷᠢᠶᠠᠵᠤ ᠠᠠᠳᠠᠭᠠᠷ ᠥᠭ᠍ᠴᠤ ᠭᠤᠶᠤᠵᠤ ᠪᠠᠢ᠌ᠨ᠎ᠠ ᠁ ᠡᠦᠶᠡᠷᠡᠭᠤᠨ ᠭᠦᠭ᠍ᠵᠢᠮ 2 ᠊᠊᠊᠊᠊᠊᠊᠊᠊᠊᠊᠊᠊᠊᠊ 12 ᠁

ᠵᠢᠩᠭ᠋ᠠᠷ᠄ (ᠵᠠᠷᠯᠢᠭ ᠪᠣᠯᠵᠤ) ᠥᠭᠡ ᠦᠨᠡᠨ ᠪᠣᠯᠬᠤᠯ᠎ᠠ᠂ ᠭᠡᠵᠢᠶ᠎ᠡ ᠭᠡᠵᠢᠶ᠎ᠡ ᠳᠤ ᠦᠵᠤᠩ ᠠᠯᠳᠠᠷ ᠬᠠᠭᠠᠨ ᠤ ᠠᠯᠪᠠᠳᠤ ᠪᠣᠯᠴᠠᠭᠠᠭᠳᠤᠨ︕

  [ᠣᠯᠠᠨ ᠱᠤᠯᠤᠮ ᠪᠠᠶᠠᠷᠯᠠᠨ ᠬᠠᠰᠭᠢᠷᠤᠯᠳᠤᠨ᠎ᠠ ᠁ ᠢᠯᠠᠯᠳᠠ᠂ ᠡᠷᠭᠡ ᠴᠢᠯᠦᠭᠡ ᠶᠢ ᠳᠤᠰᠬᠠᠭᠰᠠᠨ ᠭᠦᠭ᠍ᠵᠢᠮ 2 ᠊᠊᠊᠊᠊᠊᠊᠊᠊᠊᠊᠊᠊᠊᠊ 13 ᠁

ᠵᠢᠩᠭ᠋ᠠᠷ᠄ ᠵᠠ︕ ᠳᠠᠭᠢ ᠶᠢᠨ ᠳᠠᠪᠤᠨ ᠱᠤᠯᠤᠮ ᠤᠨ ᠬᠠᠭᠠᠨ ᠢ ᠠᠮᠢᠳᠤ ᠪᠠᠷ ᠭᠡᠯᠡ ᠪᠠᠷᠢᠵᠤ ᠨᠤᠮᠤᠬᠠᠳᠬᠠᠵᠤ ᠠᠪᠣᠯ᠎ᠠ︕ (ᠰᠠᠨᠠᠭᠠᠰᠢᠷᠠᠵᠤ) ᠬᠤᠢ᠂ ᠪᠢ ᠢᠩᠭᠢᠭᠡᠳ ᠶᠠᠪᠣᠭᠠᠤᠨ ᠪᠠᠢ᠌ᠬᠤᠯ᠎ᠠ ᠠᠷᠤ ᠳᠤ ᠪᠠᠢ᠌ᠬᠤ ᠭᠦᠭ᠍ᠰᠢᠨ ᠠᠪᠣ ᠡᠵᠢ ᠬᠤᠶᠠᠷ ᠮᠢᠨᠢ ᠵᠤᠪᠠᠭᠠᠤᠨ ᠡᠯᠡᠭᠡᠳ᠂ ᠨᠠᠮᠢ᠋ᠢ ᠪᠠᠨ ᠰᠠᠨᠠᠭᠠᠤᠨ ᠴᠡᠭᠡᠵᠢ ᠶᠢᠨ ᠶᠢᠡᠨ ᠮᠢᠬ᠎ᠠ ᠢᠳᠠᠵᠤ ᠪᠠᠢ᠌ᠬᠤ︕ ᠣᠳᠤ ᠨᠢᠭᠡ ᠭᠡᠷ ᠤᠨ ᠪᠠᠷ᠎ᠠ ᠠᠪᠳᠠᠭ ᠴᠠᠭ ᠪᠣᠯᠪᠠ︕ (ᠳᠡᠭᠡᠷ᠎ᠡ ᠳᠠᠭᠤ ᠪᠠᠷ ᠵᠠᠷᠯᠢᠭ ᠪᠣᠯᠵᠤ) ᠵᠠ᠂ ᠳᠠᠭᠢ ᠶᠢᠨ ᠳᠠᠪᠤᠨ ᠱᠤᠯᠤᠮ ᠤᠨ ᠭᠢᠨ ᠨᠤᠳᠤᠭ ᠲᠠᠭᠠᠨ ᠬᠠᠷᠢᠭᠠᠤᠨ ᠳᠠᠢ᠌ᠨ ᠪᠠᠢ᠌ᠯᠳᠤᠭᠠᠨ ᠦᠭᠡᠶ ᠠᠮᠢᠳᠤᠷᠠᠵᠠᠭᠠᠭᠳᠤᠨ︕ (ᠠᠭᠤᠷ ᠲᠡᠶ ᠪᠠᠷ) ᠳᠠᠭᠢ ᠵᠢᠨ ᠱᠤᠯᠤᠮ ᠤᠨ ᠬᠠᠭᠠᠨ ᠴᠢ᠂ ᠠᠯᠠᠳᠠᠭ ᠳᠠᠢ᠌ᠯᠠᠳᠠᠭ ᠬᠤᠷᠤᠨ ᠵᠢᠯᠪᠢ ᠪᠠᠨ ᠬᠠᠶᠠᠭᠠᠤᠨ᠂ ᠠᠯᠪᠠᠳᠤ ᠶᠢ ᠮᠢᠨᠢ ᠰᠠᠢ᠌ᠨ ᠲᠡᠳᠬᠦᠭᠡᠳ᠂ ᠠᠯᠪᠠ ᠪᠠᠨ ᠴᠠᠭ ᠲᠠᠭᠠᠨ ᠳᠤᠰᠢᠶᠠᠵᠤ ᠪᠠᠢ︕

ᠱᠤᠯᠤᠮ ᠤᠨ ᠬᠠᠭᠠᠨ᠄ (ᠳᠤᠷᠤᠢ ᠳᠠᠭᠤ ᠪᠠᠷ) ᠵᠠ ᠵᠠ︕ ᠵᠠᠷᠯᠢᠭ ᠤᠨ ᠶᠤᠰᠤᠭᠠᠷ ᠪᠣᠯᠤᠶ᠎ᠠ︕ (ᠭᠦᠭ᠍ᠵᠢᠮ ᠦᠷᠭᠦᠯᠵᠢᠯᠡᠨ᠎ᠡ ᠁)

ᠵᠢᠩᠭ᠋ᠠᠷ᠄ (ᠪᠣᠳᠤᠯ ᠤᠨ ᠥᠭᠡ) ᠵᠠ︕ ᠠᠪᠣ ᠡᠵᠢ ᠶᠢᠨ ᠶᠢᠡᠨ ᠪᠠᠷ᠎ᠠ ᠠᠪᠰᠤᠭᠠᠢ︕

   [ᠭᠦᠭ᠍ᠵᠢᠮ2 ᠊᠊᠊᠊᠊᠊᠊᠊᠊᠊᠊᠊᠊᠊᠊ 13 ᠵᠢᠨ ᠳᠤᠮᠳᠠ᠂ ᠵᠠᠩᠭ᠋ᠠᠷ ᠱᠤᠤᠭᠢᠨ ᠬᠤᠯᠠᠵᠢᠨ᠎ᠠ ᠁

             *     *    *

   [ᠬᠤᠯᠠ ᠡᠴᠠ ᠮᠤᠷᠢᠨ ᠤ ᠳᠦᠪᠠᠷᠭᠡᠨ ᠤᠢ᠌ᠷᠠᠳᠤᠵᠤ᠂ ᠮᠤᠷᠢᠨ ᠭᠦᠭᠦᠷᠡᠰᠡᠭᠦ ᠳᠠᠭᠤ ᠭᠠᠷᠴᠤ᠂ ᠭᠤᠷᠤᠬ᠎ᠠ ᠣᠷᠤᠰᠴᠤ᠂ ᠰᠢᠪᠠᠭᠤ ᠵᠢᠷᠭᠢᠨ ᠡᠭᠡ ᠪᠠᠢ᠌ᠭᠠᠯᠢ ᠶᠢᠨ ᠦᠵᠡᠮᠵᠢ ᠶᠢ ᠳᠤᠰᠬᠠᠭᠰᠠᠨ ᠴᠤᠪᠣᠭᠤ ᠭᠦᠭ᠍ᠵᠢᠮ 2 ᠊᠊᠊᠊᠊᠊᠊᠊᠊᠊᠊᠊᠊᠊᠊ 14 ᠁

ᠵᠢᠩᠭ᠋ᠠᠷ᠄ (ᠬᠤᠯᠠ ᠡᠴᠠ ᠬᠡᠦᠬᠡᠳ ᠤᠨ ᠳᠠᠭᠤ ᠪᠠᠷ) ᠠᠪᠣ ᠡ︕ ᠡᠵᠢ ᠡ︕

ᠭᠤᠯᠵᠢᠩ ᠰᠢᠷ᠎ᠠ ᠮᠠᠩᠭ᠋ᠤᠰ ᠭᠡᠳᠡᠭ᠌ ᠴᠢᠨᠢ

ᠭᠤᠤᠯ ᠤᠨ ᠪᠣᠷᠤ ᠵᠤᠷᠠᠮᠠᠨ ᠵᠢᠭᠢ ᠡᠰᠡ ᠦᠦ︕

ᠳ᠋ᠦᠷᠳᠤᠩ ᠰᠢᠷ᠎ᠠ ᠮᠠᠩᠭ᠋ᠤᠰ ᠭᠡᠳᠡᠭ᠌ ᠴᠢᠨᠢ

ᠲᠦᠰᠢ ᠶᠢᠨ ᠰᠢᠷ᠎ᠠ ᠳᠠᠷᠪᠠᠭᠠᠨ ᠵᠢᠭᠢ ᠡᠰᠡ ᠦᠦ︕ ᠭᠢ ᠭᠢ ᠭᠢ︕

ᠴᠠᠭᠢᠭᠤᠷ ᠴᠠᠭᠢᠭᠤᠷ ᠶᠢᠡᠷ ᠭᠡᠷᠴᠢᠭᠡᠳ

ᠴᠠᠭᠢᠴᠠ ᠶᠢᠨ ᠭᠠᠯ ᠶᠢᠡᠷ ᠳᠣᠢ᠌ᠮᠠᠷᠳᠠᠵᠤ ᠣᠷᠭᠢᠭᠠᠤᠨ ᠢᠷᠠᠪᠠ ᠪᠢ᠃

ᠳᠠᠷᠠ ᠪᠢᠰᠢ᠂ ᠳᠠᠭᠢ ᠶᠢᠨ ᠳᠠᠪᠤᠨ ᠱᠤᠯᠤᠮ ᠤᠨ ᠬᠠᠭᠠᠨ ᠢ ᠴᠤ

ᠨᠤᠮ ᠳᠠᠭᠠᠨ ᠣᠷᠤᠭᠤᠯᠤᠭᠠᠤᠨ ᠢᠷᠠᠪᠠ ᠪᠢ︕

(ᠡᠭᠦᠳᠡ ᠰᠡᠭᠦᠭᠦ ᠴᠢᠮᠡᠭᠡᠨ ᠁ ᠭᠦᠮᠤᠨ ᠦᠭᠡᠶ ᠨᠠᠮ ᠁)

ᠶ‍ᠣ᠊᠂ ᠠᠪᠣ ᠡᠵᠢ ᠬᠤᠶᠠᠷ ᠮᠢᠨᠢ ᠬᠠᠮᠢᠭ᠎ᠠ ᠶᠠᠪᠣᠵᠤ ᠣᠳᠤᠭᠰᠠᠨ ᠪᠣᠢ︖

[ᠬᠠᠢ᠌ᠵᠤ ᠭᠦᠶ‍ᠦᠭᠦ ᠴᠢᠮᠡᠭᠡᠨ ᠁

ᠵᠢᠩᠭ᠋ᠠᠷ᠄ (ᠳᠠᠭᠤᠳᠠᠨ ᠬᠠᠰᠭᠢᠷᠴᠤ) ᠠᠪᠣ ᠡ︕ ᠡᠵᠢ ᠡ︕ ᠠᠪᠣ ᠡ︕ ᠡᠵᠢ ᠡ︕ (ᠣᠶᠠᠷᠠᠯᠳᠠᠢ ᠭᠦᠭ᠍ᠵᠢᠮ 2 ᠊᠊᠊᠊᠊᠊᠊᠊᠊᠊᠊᠊᠊᠊᠊ 15 ᠁ ᠰᠠᠯᠭᠢᠨ ᠬᠤᠤᠭᠢᠬᠤ ᠁)

  [ᠲ᠋ᠡᠭᠦᠰᠭᠡᠯ ᠤᠨ ᠳᠠᠭᠤᠤ ᠳᠤ ᠳᠡᠪᠢᠰᠭᠡᠷᠯᠡᠨ ᠵᠥᠴᠦᠭᠡ ᠶᠢᠨ ᠠᠵᠢᠯᠳᠠᠤᠨ ᠪᠣᠯᠤᠨ ᠳᠤᠭᠯᠠᠭᠴᠢᠳ ᠶᠢᠡᠨ ᠳᠠᠨᠢᠯᠴᠠᠭᠤᠯᠤᠨ᠎ᠠ᠃ ]

        ᠬᠤᠶᠠᠳᠤᠭᠠᠷ ᠪᠦᠯᠦᠭ᠌ ᠳᠡᠭᠦᠰᠪᠡ


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠤᠨ ᠦᠷᠤᠮᠴᠢ

ᠵᠤᠬᠢᠶᠠᠭᠴᠢ᠄ ᠪᠠ᠊·ᠵᠠᠰᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9236
ᠴᠠᠭ᠄ 2011 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ