☆ ᠭᠠᠳᠠᠨ
ᠰᠢᠯᠦᠭ᠌ ᠬᠤᠶᠠᠷ
ᠨᠢᠭᠡᠨ ᠬᠠᠮᠳᠤ
᠊᠊᠊᠊᠊᠊᠊᠊᠊᠊᠊᠊᠊᠊᠊᠊᠊᠊᠊᠊᠊᠊ ᠣᠭᠤᠷ ᠲᠤ ᠨᠥᠳᠦᠭ᠍ᠳᠡᠭᠡᠳ
ᠣᠰᠠᠳᠮᠠᠷ ᠪᠠᠢ᠌ᠭ᠎ᠠ ᠪᠠᠨ ᠮᠡᠳᠡᠭᠦ ᠦᠭᠡᠶ
ᠣᠭᠤᠳᠠᠨ ᠳᠤ ᠣᠷᠤᠴᠢᠬᠠᠭᠠᠤᠨ
ᠡᠪᠠᠷ ᠪᠣᠯᠵᠤ ᠬᠠᠷᠭᠢᠷᠠᠯᠳᠤᠨᠠ
ᠣᠯᠬᠤ ᠠᠯᠳᠠᠬᠤ ᠪᠣᠳᠤᠯᠭ᠎ᠠ
ᠳᠤᠳᠤᠷ ᠳᠤᠳᠤᠷ ᠶᠢᠡᠨ ᠳᠠᠴᠢᠭᠢᠨᠠᠵᠤ
ᠣᠷᠤᠬᠤ ᠭᠠᠷᠬᠤ ᠬᠠᠭᠠᠯᠭ᠎ᠠ
ᠳᠤᠰ ᠳᠤᠰ ᠲᠠᠭᠠᠨ ᠡᠵᠡᠯᠡᠭ᠍ᠳᠡᠨᠡ
ᠳᠠᠷᠢ ᠡᠮᠭᠦᠭ᠍ᠰᠡᠨ ᠵᠠᠷᠢᠮ ᠨᠢ
ᠬᠠᠷᠠᠬᠤ ᠶᠢᠨ ᠵᠠᠭᠤᠷ᠎ᠠ ᠲ᠋ᠠᠯᠪᠠᠷᠠᠵᠤ
ᠵᠠᠯᠢ ᠢᠳᠡᠭ᠍ᠰᠡᠨ ᠭᠡᠳᠤ ᠨᠢ
ᠬᠤᠨᠤᠭ ᠤᠨ ᠴᠠᠭᠠᠨ᠎ᠠ ᠬᠤᠯᠭᠢᠵᠤ
ᠠᠷᠠᠭ᠎ᠠ ᠵᠠᠭᠤᠭᠰᠠᠨ ᠨᠢᠭᠡᠨ ᠳᠡᠭᠡᠨ
ᠳᠠᠷᠢᠶ᠎ᠠ ᠳᠠᠷᠢᠨ ᠭᠤᠳᠤᠭᠤᠨᠠᠭᠠᠤᠨ
ᠵᠠᠷᠠᠭ᠎ᠠ ᠬᠤᠪᠢᠯᠵᠤ ᠬᠠᠶᠠ ᠨᠢ
ᠱᠥᠷᠭᠡ ᠥᠵᠡᠭᠦᠯᠦᠭᠡᠳ ᠪᠦᠮᠪᠦᠯᠵᠡᠨ᠎ᠡ
ᠣᠢ᠌ᠤᠠᠬᠠᠷᠯᠠᠯ
᠊᠊᠊᠊᠊᠊᠊᠊᠊᠊᠊᠊᠊᠊᠊᠊᠊᠊᠊᠊᠊᠊᠊ ᠦᠪᠡᠷ ᠪᠠᠶ᠎ᠠ ᠶᠢᠨ ᠶᠢᠡᠨ
ᠥᠷᠳᠡᠭ᠌ ᠢ ᠪᠠᠰᠠ ᠳᠠᠨᠢᠬᠤ ᠦᠭᠡᠶ
ᠡᠳᠦᠷ ᠡᠳᠦᠷ
ᠡᠭᠦᠯᠡ ᠣᠨᠢᠶᠠᠷ ᠲᠤ ᠵᠤᠪᠠᠨ᠎ᠠ
ᠳᠤᠭᠤᠰᠤ ᠲᠡᠶ ᠰᠠᠯᠭᠢ ᠲᠡᠶ
ᠠᠭᠤᠯᠠ ᠶᠢᠨ ᠨᠠᠷᠠ ᠶᠢ ᠵᠢᠭᠠᠵᠤ
ᠳᠤᠯᠤᠭᠠᠢ ᠲᠡᠶ ᠰᠢᠭᠢᠷ᠎ᠠ ᠲᠡᠶ
ᠳᠤᠭᠤᠭ᠎ᠠ ᠶᠢ ᠴᠠᠰᠢ ᠳᠦᠯᠭᠢᠭᠦ ᠶᠤᠮ
ᠳᠤᠰᠤᠭᠠᠤᠨ ᠢᠷᠡᠭᠦ
ᠮᠠᠷᠭᠠᠰᠢ ᠶᠢᠨ ᠰᠠᠢ᠌ᠬᠠᠨ ᠢ ᠭᠦᠰᠡᠪᠠᠴᠤ
ᠳᠤᠯᠤᠭᠠᠤᠨ ᠢᠷᠠᠪᠠᠯ ᠪᠠᠰᠠ
ᠳᠡᠷᠢᠭᠦᠨ ᠰᠠᠵᠢᠭᠠᠤᠨ ᠰᠡᠭᠦᠷᠡᠰᠦᠯᠡᠭᠦ ᠶᠤᠮ
ᠳᠠᠯᠠᠢ ᠶᠢᠨ ᠰᠠᠷ᠎ᠠ ᠳᠠᠢ
ᠳᠠᠨᠢᠯ ᠶᠤᠰᠤᠭᠠᠷ ᠮᠠᠠᠳᠤᠴᠢᠯᠠᠵᠤ
ᠳᠠᠪᠤᠨ ᠳᠢᠪ ᠢ
ᠵᠢᠷᠭᠤᠭᠠᠨ ᠵᠦᠢ᠌ ᠪᠠᠷ ᠰᠡᠪᠯᠡᠭᠦ ᠶᠤᠮ
ᠳᠠᠭᠠᠷᠠᠬᠤ ᠶᠢ ᠮᠡᠳᠡᠭᠦ ᠦᠭᠡᠶ
ᠰᠡᠭᠦᠳᠡᠷ ᠪᠦᠭᠦᠨ ᠢ ᠬᠠᠷᠤᠵᠤ
ᠳᠡᠯᠡᠭᠡᠢ ᠭᠡᠳᠡᠭ᠌ ᠢ
ᠳᠤᠶᠠᠭᠠᠷᠠᠭᠤᠯᠴᠢᠬᠠᠭᠰᠠᠨ ᠥᠪᠯᠡᠭᠦ ᠶᠤᠮ
ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2009 ᠤᠨ ᠤ 06 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ