ᠨᠡᠪᠲᠡᠷᠡᠨ ᠤᠷᠤᠬᠤ
ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡ ᠪᠢᠴᠢᠭ᠌ ᠤᠨ ᠵᠢᠭᠠᠨ ᠰᠤᠷᠭᠠᠯᠳᠠ ᠳᠤ ᠣᠯᠠᠨ ᠵᠠᠭᠤᠴᠢᠳᠤ ᠪᠠᠶ᠎ᠠ ᠶᠢ ᠭᠡᠷᠭᠢᠨ ᠵᠤᠭᠢᠰᠳᠠᠢ ᠠᠰᠢᠭᠯᠠᠬᠤ ᠳᠤᠬᠠᠢ

ᠶ‍ᠢᠷᠳᠢᠠᠴᠤ ᠶᠢᠨ ᠠᠯᠢᠪᠠ ᠭᠡᠷᠡᠭ᠌ ᠪᠣᠳᠠᠰ ᠨᠢ ᠪᠦᠷ ᠬᠠᠷᠢᠯᠴᠠᠨ ᠨᠥᠯᠦᠭᠡᠯᠡᠨ᠂ ᠬᠠᠷᠢᠯᠴᠠᠨ ᠰᠢᠳᠤᠯᠴᠠᠨ ᠣᠷᠤᠰᠢᠵᠤ ᠪᠠᠢ᠌ᠳᠠᠭ᠃ ᠭᠦᠮᠤᠨ ᠨᠡᠢ᠌ᠭᠡᠮ ᠤᠨ ᠰᠢᠳᠦᠯᠴᠡᠭᠡ ᠡᠴᠡ ᠦᠵᠡᠪᠠᠯ᠂ ᠨᠡᠢ᠌ᠭᠡᠮ ᠤᠨ ᠳᠠᠪᠰᠢᠯᠳᠠ ᠨᠢ ᠭᠦᠮᠤᠨ ᠤ ᠳᠠᠪᠰᠢᠯᠳᠠ ᠳᠤ ᠪᠠᠢ᠌ᠨ᠎ᠠ᠃ ᠭᠦᠮᠤᠨ ᠤ ᠳᠠᠪᠰᠢᠯᠳᠠ ᠨᠢ ᠭᠡᠪ ᠴᠢᠨᠠᠷ ᠤᠨ ᠳᠡᠭᠡᠭ᠍ᠰᠢᠯᠡᠯᠳᠡ ᠳᠤ ᠪᠠᠢ᠌ᠨ᠎ᠠ᠃ ᠭᠡᠪ ᠴᠢᠨᠠᠷ ᠤᠨ ᠳᠡᠭᠡᠭ᠍ᠰᠢᠯᠡᠯᠳᠡ ᠨᠢ ᠰᠤᠷᠭᠠᠨ ᠭᠦᠮᠦᠵᠢᠯ ᠤᠨ ᠳᠠᠪᠰᠢᠯᠳᠠ ᠳᠤ ᠳᠦᠰᠢᠭᠯᠡᠨ᠎ᠡ᠃ ᠰᠤᠷᠭᠠᠨ ᠭᠦᠮᠦᠵᠢᠯ ᠤᠨ ᠳᠠᠪᠰᠢᠯᠳᠠ ᠶᠢᠨ ᠬᠠᠮᠤᠭ ᠤᠨ ᠴᠢᠬᠤᠯᠠ ᠡᠯᠧᠮᠧᠨ᠋ᠲ ᠶᠢᠨ ᠨᠢᠭᠡ ᠨᠢ ᠪᠣᠯ ᠳᠠᠷᠤᠢ ᠵᠢᠭᠠᠨ ᠰᠤᠷᠭᠠᠯᠳᠠ ᠶᠢᠨ ᠠᠷᠭ᠎ᠠ ᠠᠪᠴᠠᠯ ᠤᠨ ᠳᠠᠰᠤᠷᠠᠯᠳᠠ ᠦᠭᠡᠶ ᠰᠢᠨᠠᠴᠢᠯᠠᠨ ᠰᠠᠢ᠌ᠵᠢᠷᠠᠭᠤᠯᠬᠤ ᠳᠤ ᠪᠠᠢ᠌ᠨ᠎ᠠ᠃ ᠶᠠᠩᠵᠤ ᠪᠦᠷᠢ ᠶᠢᠨ ᠠᠷᠭ᠎ᠠ ᠳᠠᠮ᠂ ᠰᠢᠨ᠎ᠠ ᠰᠤᠷᠭᠤᠭ ᠭᠡᠯᠪᠠᠷᠢ ᠮᠠᠶ‍ᠢᠭ᠂ ᠣᠯᠠᠨ ᠠᠷᠪᠢᠨ ᠵᠠᠭᠤᠴᠢ ᠪᠠᠶ᠎ᠠ ᠶᠢ ᠰᠤᠩᠭ᠋ᠤᠨ ᠭᠡᠷᠡᠭᠯᠡᠭᠦ ᠨᠢ ᠵᠢᠭᠠᠨ ᠰᠤᠷᠭᠠᠯᠳᠠ ᠶᠢᠨ ᠭᠦᠳᠡᠯᠭᠡᠭᠡᠨ ᠢ ᠭᠦᠭ᠍ᠵᠢᠶᠡᠨ ᠲᠡᠶ ᠦᠷᠨᠢᠭᠦᠯᠵᠤ ᠭᠡᠷᠡᠭ᠌ ᠪᠣᠳᠠᠰ ᠤᠨ ᠡᠭᠦᠰᠦᠯᠳᠡ ᠭᠦᠭ᠍ᠵᠢᠯᠳᠡ ᠶᠢᠨ ᠶᠠᠪᠣᠴᠠ ᠶᠢ ᠠᠮᠢᠳᠤᠯᠢᠭ ᠳᠦᠷᠰᠦᠯᠢᠭ᠌᠂ ᠣᠶᠠᠨ ᠬᠠᠳᠠᠨ᠂ ᠳᠦᠭᠦᠮ ᠳᠦᠳᠠ ᠪᠠᠷ ᠢᠯᠡᠷᠡᠭᠦᠯᠵᠤ᠂ ᠰᠤᠷᠤᠭᠴᠢᠳ ᠤᠨ ᠣᠩᠰᠢᠬᠤ᠂ ᠠᠵᠢᠭᠯᠠᠬᠤ᠂ ᠰᠡᠳᠭᠢᠭᠦ᠂ ᠦᠢᠯᠡᠳᠬᠦ ᠵᠡᠷᠭᠡ ᠶᠢᠨ ᠳᠤᠷ᠎ᠠ ᠰᠤᠨᠢᠷᠬᠠᠯ ᠢ ᠭᠦᠭ᠍ᠵᠢᠭᠡᠵᠤ᠂ ᠰᠤᠷᠤᠯᠭ᠎ᠠ ᠶᠢᠨ ᠢᠳᠠᠪᠭᠢᠵᠢᠯ ᠢ ᠭᠦᠢᠴᠡᠳ ᠳᠠᠢ᠌ᠴᠢᠯᠠᠨ ᠣᠭᠢ ᠰᠠᠢ᠌ᠨ ᠵᠢᠭᠠᠨ ᠰᠤᠷᠭᠠᠯᠳᠠ ᠶᠢᠨ ᠦᠷ᠎ᠡ ᠪᠦᠳᠦᠮᠵᠢ ᠶᠢ ᠭᠠᠷᠭᠠᠵᠤ ᠳᠠᠢ᠌ᠯᠤᠨ᠎ᠠ᠃ ᠣᠳᠤᠬᠠᠨ ᠤ ᠰᠤᠷᠭᠠᠨ ᠭᠦᠮᠦᠵᠢᠯ ᠤᠨ ᠥᠭᠡᠷᠡᠴᠢᠯᠡᠯᠳᠡ ᠶᠢᠨ ᠭᠦᠡᠵᠡᠭᠡᠢ᠌ᠷᠡᠭᠦ ᠪᠠᠷ ᠳᠠᠮᠵᠢᠨ᠂ ᠣᠯᠠᠨ ᠵᠠᠭᠤᠴᠢᠳᠤ ᠪᠠᠶ᠎ᠠ ᠭᠤᠤᠯᠳᠠᠭᠤ ᠴᠠᠭᠢᠯᠭᠠᠠᠴᠢᠯᠠᠭᠰᠠᠨ ᠣᠯᠠᠨ ᠵᠠᠭᠤᠴᠢᠳᠤ ᠪᠠᠶ᠎ᠠ ᠨᠢ ᠵᠢᠭᠠᠨ ᠰᠤᠷᠭᠠᠯᠳᠠ ᠶᠢᠨ ᠳᠠᠪᠴᠠᠩ ᠳᠤ ᠣᠯᠠᠮ ᠢᠯᠡᠭᠦᠤ ᠰᠠᠨᠠᠭᠠᠴᠢᠯᠠᠭᠳᠠᠨ ᠠᠰᠢᠭᠯᠠᠭᠳᠠᠵᠤ᠂ ᠴᠠᠭᠢᠯᠭᠠᠠᠴᠢᠯᠠᠭᠰᠠᠨ ᠭᠢᠴᠢᠶᠡᠯᠯᠡᠭᠡ ᠶᠢᠨ ᠣᠯᠠᠨ ᠵᠠᠭᠤᠴᠢᠳᠤ ᠪᠠᠶ᠎ᠠ ᠡᠯᠸᠺᠲ᠋ᠷᠤᠨ ᠮᠠᠰᠢᠨ᠂ ᠬᠤᠸᠠᠠᠳᠧᠩ ᠵᠡᠷᠭᠡ ᠨᠢ ᠣᠯᠠᠮᠵᠢᠯᠠᠯᠳᠤ ᠵᠢᠭᠠᠨ ᠰᠤᠷᠭᠠᠯᠳᠠ ᠳᠤ ᠭᠡᠷᠡᠭᠯᠡᠵᠤ ᠪᠠᠢ᠌ᠭᠰᠠᠨ ᠵᠠᠭᠤᠴᠢ ᠪᠠᠶ᠎ᠠ ᠬᠠᠷ᠎ᠠ ᠰᠠᠮᠪᠠᠷ᠎ᠠ᠂ ᠡᠯᠭᠦᠮᠡᠯ ᠵᠢᠷᠤᠭ᠂ ᠳᠤᠷᠰᠢᠯᠳᠠ ᠶᠢᠨ ᠪᠠᠭᠠᠵᠢ᠂ ᠭᠡᠪ ᠵᠠᠭᠪᠣᠷ ᠵᠡᠷᠭᠡ ᠶᠢ ᠪᠣᠳᠤᠪᠠᠯ ᠨᠠᠩ ᠢᠯᠡᠭᠦᠤ ᠶᠡᠷᠦᠩᠭᠡᠢ᠌ᠯᠡᠭ᠍ᠰᠡᠨ ᠴᠢᠨᠠᠷ᠂ ᠳᠤᠭᠠᠴᠢᠯᠠᠭᠰᠠᠨ ᠴᠢᠨᠠᠷ᠂ ᠰᠤᠯᠢᠯᠴᠠᠭᠠᠳᠤ ᠴᠢᠨᠠᠷ ᠪᠠ ᠪᠣᠳᠠᠳᠠᠢ᠌ᠴᠢᠯᠠᠭᠰᠠ ᠴᠢᠨᠠᠷ ᠲᠡᠶ ᠪᠠᠢ᠌ᠵᠤ᠂ ᠵᠢᠭᠠᠨ ᠰᠤᠷᠭᠠᠯᠳᠠ ᠶᠢᠨ ᠰᠤᠷᠤᠭᠴᠢ ᠶᠢᠨ ᠭᠡᠪ ᠴᠢᠨᠠᠷ ᠤᠨ ᠳᠡᠭᠡᠭ᠍ᠰᠢᠯᠡᠯᠳᠡ ᠳᠤ ᠥᠢᠯᠡᠴᠢᠯᠡᠭᠦ ᠦᠷ᠎ᠡ ᠠᠰᠢᠭ ᠢ ᠨᠠᠩ ᠦᠨᠳᠦᠷ ᠲᠤ ᠲᠦᠯᠭᠢᠨ ᠠᠭᠢᠭᠤᠯᠵᠠᠢ᠃ ᠢᠩᠭᠢᠭ᠍ᠰᠡᠨ ᠡᠴᠡ ᠮᠤᠩᠭ᠋ᠤᠯ ᠭᠡᠯᠡ ᠪᠢᠴᠢᠭ᠌ ᠤᠨ ᠭᠢᠴᠢᠶᠡᠯᠯᠡᠭᠡ ᠳᠤ ᠴᠠᠭᠢᠯᠭᠠᠠᠴᠢᠯᠠᠭᠰᠠᠨ ᠣᠯᠠᠨ ᠵᠠᠭᠤᠴᠢᠳᠤ ᠪᠠᠶ᠎ᠠ ᠶᠢ ᠵᠤᠭᠢᠰᠳᠠᠢ ᠠᠰᠢᠭᠯᠠᠵᠤ᠂ ᠬᠤᠸᠠᠠᠳᠧᠩ ᠹᠢᠯᠢᠮ᠂ ᠭᠢᠴᠢᠶᠠᠯ ᠥᠵᠡᠭᠦᠯᠦᠯᠭᠡ᠂ ᠺᠦᠤᠷᠰᠸᠢ᠌ᠷ ᠵᠤᠬᠢᠶᠠᠵᠤ᠂ ᠳᠠᠭᠢᠨ ᠳ᠋ᠢᠰᠺ ᠪᠦᠳᠦᠭᠡᠵᠤ ᠵᠦᠢ ᠵᠤᠭᠢᠰᠳᠠᠢ ᠠᠰᠢᠭᠯᠠᠪᠠᠯ ᠰᠤᠷᠤᠭᠴᠢᠳ ᠤᠨ ᠡᠯ᠎ᠡ ᠵᠣᠢ᠌ᠯ ᠤᠨ ᠮᠠᠳᠠᠷᠠᠯ ᠤᠨ ᠡᠷᠭᠡᠳᠡᠨ ᠤ ᠢᠳᠠᠪᠭᠢ ᠣᠷᠤᠯᠴᠠᠭ᠎ᠠ ᠶᠢ ᠭᠦᠢᠴᠡᠳ ᠳᠠᠢ᠌ᠴᠢᠯᠠᠵᠤ᠂ ᠮᠡᠳᠡᠯᠭᠡ ᠶᠢᠨ ᠴᠡᠭ᠌ ᠢ ᠠᠮᠠᠷᠬᠠᠨ ᠭᠦᠯᠢᠶᠡᠨ ᠠᠪᠬᠤ ᠨᠤᠷᠮ᠎ᠠ ᠶᠢ ᠳᠡᠭᠡᠭ᠍ᠰᠢᠯᠡᠭᠦᠯᠤᠨ᠂ ᠭᠢᠴᠢᠶᠡᠯᠯᠡᠭᠡ ᠶᠢᠨ ᠶᠠᠪᠣᠴᠠ ᠶᠢ ᠰᠢᠯᠢᠳᠡᠭ᠍ᠵᠢᠭᠦᠯᠵᠤ᠂ ᠭᠤᠤᠯᠳᠠᠯᠭ᠎ᠠ ᠪᠠᠨ ᠳᠤᠪᠣᠢ᠌ᠯᠭᠠᠨ᠂ ᠭᠦᠴᠢᠷᠳᠡᠯᠭᠡ ᠪᠠᠨ ᠰᠢ᠌ᠤᠠᠪᠣᠷᠢᠯᠠᠨ᠂ ᠵᠢᠭᠠᠨ ᠰᠤᠷᠭᠠᠯᠳᠠ ᠶᠢᠨ ᠶᠠᠰᠤ ᠴᠢᠨᠠᠷ ᠪᠠ ᠦᠷ᠎ᠡ ᠠᠰᠢᠭ ᠢ ᠳᠡᠭᠡᠭ᠍ᠰᠢᠯᠡᠭᠦᠯᠵᠤ ᠴᠢᠳᠠᠨ᠎ᠠ᠃

ᠣᠯᠠᠨ ᠵᠠᠭᠤᠴᠢᠳᠤ ᠺᠤᠮᠫᠢᠦ᠋ᠲ᠋ᠧᠷ ᠨᠢ ᠰᠤᠷᠤᠭᠴᠢᠳ ᠢ ᠵᠤᠬᠢᠶᠠᠯ ᠤᠨ ᠨᠠᠢ᠌ᠷᠠᠭᠤᠯᠭ᠎ᠠ᠂ ᠵᠢᠷᠤᠭ ᠳᠦᠷᠰᠤ᠂ ᠭᠡᠦᠭᠡᠯᠳᠡᠢ ᠵᠢᠷᠤᠭ ᠪᠣᠯᠤᠨ ᠳᠠᠭᠤᠨ ᠠᠪᠢᠶ᠎ᠠ ᠵᠡᠷᠭᠡ ᠣᠯᠠᠨ ᠶᠠᠩᠵᠤ ᠤᠨ ᠰᠤᠷᠠᠭ ᠵᠠᠩᠭᠢ ᠪᠠᠷ ᠨᠥᠯᠦᠭᠡᠯᠡᠵᠤ᠂ ᠰᠤᠷᠤᠭᠴᠢᠳ ᠥᠵᠡᠭᠦ᠂ ᠰᠤᠨᠤᠰᠬᠤ ᠪᠠᠷ ᠪᠠᠷᠠᠬᠤ ᠦᠭᠡᠶ ᠭᠠᠷ ᠭᠦᠳᠡᠯᠤᠨ ᠭᠢᠵᠤ ᠳᠡᠢ᠌ᠯᠭᠦ ᠪᠣᠯᠭᠠᠨ᠎ᠠ᠃

1.ᠲ᠋ᠠᠭᠤᠨ ᠠᠪᠢᠶ᠎ᠠ ᠶᠢᠨ ᠳ᠋ᠢᠰᠺ ᠢ ᠠᠰᠢᠭᠯᠠᠬᠤ

ᠳᠠᠭᠤᠨ ᠠᠪᠢᠶ᠎ᠠ ᠶᠢᠨ ᠳ᠋ᠢᠰᠺ ᠢ ᠭᠤᠤᠯᠳᠠᠭᠤ ᠭᠢᠴᠢᠶᠠᠯ ᠤᠨ ᠠᠭᠤᠯᠭ᠎ᠠ ᠪᠠ ᠰᠤᠷᠤᠭᠴᠢ ᠶᠢᠨ ᠪᠣᠳᠠᠳᠤ ᠪᠠᠢ᠌ᠳᠠᠯ ᠳᠤ ᠵᠤᠭᠢᠴᠠᠭᠤᠯᠤᠨ ᠭᠡᠷᠡᠭᠯᠡᠵᠤ ᠠᠰᠢᠭᠯᠠᠬᠤ ᠨᠢ ᠭᠢᠴᠢᠶᠠᠯ ᠤᠨ ᠴᠠᠭ ᠤᠨ ᠵᠢᠭᠠᠨ ᠰᠤᠷᠭᠠᠯᠳᠠ ᠶᠢᠨ ᠠᠰᠢᠭᠯᠠᠮᠵᠢ ᠶᠢ ᠳᠡᠭᠡᠭ᠍ᠰᠢᠯᠡᠭᠦᠯᠤᠨ᠂ ᠰᠤᠷᠤᠭᠴᠢ ᠶᠢᠨ ᠮᠡᠳᠡᠯᠭᠡ ᠴᠢᠳᠠᠪᠣᠷᠢ ᠶᠢᠨ ᠭᠦᠷᠢᠶ᠎ᠡ ᠭᠡᠪᠴᠢᠶ᠎ᠡ ᠶᠢ ᠦᠷᠭᠡᠳᠭᠡᠨ᠂ ᠪᠦᠭᠦ ᠳᠠᠯ᠎ᠠ ᠶᠢᠨ ᠭᠡᠪ ᠴᠢᠨᠠᠷ ᠢ ᠦᠨᠳᠦᠷ ᠪᠣᠯᠭᠠᠬᠤ ᠳᠤ ᠲᠤᠢ᠌ᠯ ᠤᠨ ᠠᠰᠢᠭ ᠲᠡᠶ ᠠᠷᠭ᠎ᠠ ᠠᠪᠴᠠᠯ ᠪᠣᠯᠬᠤ ᠶᠤᠮ᠃ ᠵᠡᠭᠦᠨ ᠣᠷᠤᠨ ᠤ ᠮᠤᠩᠭ᠋ᠤᠯ ᠰᠤᠷᠤᠭᠴᠢᠳ ᠤᠨ ᠪᠠᠷᠢᠮᠵᠢᠶ᠎ᠠ ᠣᠩᠰᠢᠯᠭ᠎ᠠ ᠶᠢᠨ ᠴᠢᠳᠠᠪᠣᠷᠢ᠂ ᠣᠷᠠᠨ ᠰᠡᠳᠬᠢᠯᠭᠡ ᠲᠡᠶ ᠣᠩᠰᠢᠬᠤ ᠴᠢᠳᠠᠪᠣᠷᠢ ᠵᠢᠴᠢ ᠰᠢᠯᠦᠭ᠌ ᠣᠩᠰᠢᠯᠭ᠎ᠠ ᠶᠢᠨ ᠣᠷᠮ᠎ᠠ ᠪᠠᠬ᠎ᠠ ᠵᠡᠷᠭᠡ ᠶᠢ ᠳᠡᠭᠡᠭ᠍ᠰᠢᠯᠡᠭᠦᠯᠭᠦ ᠨᠢ ᠮᠤᠩᠭ᠋ᠤᠯ ᠭᠡᠯᠡ ᠪᠢᠴᠢᠭ᠌ ᠤᠨ ᠵᠢᠭᠠᠨ ᠰᠤᠷᠭᠠᠯᠳᠠ ᠶᠢᠨ ᠪᠠᠰᠠ ᠨᠢᠭᠡ ᠭᠤᠤᠯᠳᠠᠯᠭ᠎ᠠ ᠪᠣᠯᠬᠤ ᠪᠦᠭᠡᠳ ᠪᠠᠰᠠ ᠨᠢᠭᠡᠨ ᠭᠦᠴᠢᠷᠳᠡᠯᠭᠡ ᠪᠣᠯᠬᠤ ᠶᠤᠮ᠃ ᠰᠤᠷᠤᠭᠴᠢᠳ ᠤᠨ ᠣᠩᠰᠢᠨ ᠣᠢ᠌ᠯᠠᠭᠠᠬᠤ ᠴᠢᠳᠠᠪᠣᠷᠢ ᠶᠢᠨ ᠳᠤᠷᠤᠢ ᠪᠠᠭᠤᠷᠠᠢ ᠪᠠᠢ᠌ᠭ᠎ᠠ ᠨᠢ ᠭᠤᠤᠯᠳᠠᠭᠤ ᠭᠡᠯᠡᠨ ᠤ ᠣᠷᠴᠢᠨ ᠤ ᠨᠥᠯᠦᠭᠡ ᠡᠴᠡ ᠪᠣᠯᠵᠤ ᠭᠡᠯᠡᠨ ᠤ ᠮᠠᠳᠠᠷᠠᠮᠵᠢ ᠨᠢ ᠳᠤᠤᠷ᠎ᠠ ᠪᠣᠯᠵᠤ ᠨᠠᠩ ᠴᠢᠬᠤᠯᠠ ᠨᠢ ᠪᠣᠰᠤᠳ ᠳᠦᠷᠤᠯ ᠤᠨ ᠰᠢᠡᠵᠢᠯᠡᠭᠦ ᠣᠬᠠᠭᠠᠨ ᠢ ᠰᠠᠢ᠌ᠨ ᠰᠤᠷᠬᠤ ᠳᠤ ᠴᠤ ᠰᠠᠭᠤᠷᠢ ᠶᠢᠨ ᠣᠢ᠌ᠯᠠᠳᠤᠯ ᠶᠢᠡᠨ ᠠᠯᠳᠠᠬᠤ ᠪᠣᠯᠤᠨ᠎ᠠ᠃ ᠡᠢ᠌ᠮᠤ ᠡᠴᠡ ᠡᠨᠡᠭᠦ ᠭᠤᠤᠯᠳᠠᠯᠭ᠎ᠠ ᠶᠢ ᠳᠤᠪᠣᠢ᠌ᠯᠭᠠᠵᠤ᠂ ᠳᠡᠷᠡᠭᠦ ᠭᠦᠴᠢᠷᠳᠡᠯᠭᠡ ᠶᠢ ᠰᠢ᠌ᠳᠪᠦᠷᠢᠯᠡᠭᠦ ᠳᠤ ᠳᠠᠭᠤᠨ ᠠᠪᠢᠶ᠎ᠠ ᠶᠢᠨ ᠳ᠋ᠢᠰᠺ ᠢ ᠠᠰᠢᠭᠯᠠᠵᠤ᠂ ᠪᠠᠷᠢᠮᠵᠢᠶ᠎ᠠ ᠣᠩᠰᠢᠯᠭ᠎ᠠ᠂ ᠣᠷᠠᠨ ᠳᠤᠳᠤ ᠣᠩᠰᠢᠯᠭ᠎ᠠ᠂ ᠰᠡᠳᠬᠢᠯᠭᠡ ᠲᠡᠶ ᠰᠢᠯᠦᠭ᠌ ᠣᠩᠰᠢᠯᠭ᠎ᠠ ᠶᠢᠨ ᠳ᠋ᠢᠰᠺ ᠢ ᠢᠯᠡᠭᠦᠭᠡᠨ ᠰᠤᠨᠤᠰᠬᠠᠵᠤ᠂ ᠳᠠᠭᠠᠭᠤᠯᠵᠤ ᠣᠩᠰᠢᠭᠤᠯᠤᠨ ᠣᠩᠰᠢᠯᠭ᠎ᠠ ᠶᠢᠨ ᠪᠠᠷᠢᠮᠵᠢᠶ᠎ᠠ ᠶᠠᠷᠢᠶ᠎ᠠ ᠶᠢ ᠰᠤᠨᠤᠰᠬᠠᠨ᠂ ᠭᠡᠯᠡ ᠶᠠᠷᠢᠶ᠎ᠠ ᠪᠠᠨ ᠪᠠᠷᠢᠮᠵᠢᠶᠠᠯᠠᠨ᠎ᠠ᠃ ᠵᠢᠱᠢᠶᠠᠯᠠᠪᠠᠯ 《ᠭᠦᠭᠡ ᠮᠤᠩᠭ᠋ᠤᠯ ᠨᠤᠳᠤᠭ》 (ᠳᠤᠯᠤᠳᠤᠭᠠᠷ ᠣᠨ ᠤ ᠳᠤᠤᠷᠠᠳᠤ ᠳᠠᠪᠳᠠᠷ) ᠭᠡᠭᠦ ᠮᠠᠳᠤ ᠶᠢᠨ ᠰᠢᠯᠦᠭ᠌ ᠢ ᠵᠢᠭᠠᠬᠤ ᠳᠠᠭᠠᠨ ᠳᠠᠭᠤᠨ ᠠᠪᠢᠶ᠎ᠠ ᠶᠢᠨ ᠳ᠋ᠢᠰᠺ ᠢ ᠠᠰᠢᠭᠯᠠᠵᠤ᠂ ᠪᠠᠷᠢᠮᠵᠢᠶ᠎ᠠ ᠣᠩᠰᠢᠯᠭ᠎ᠠ᠂ ᠰᠡᠳᠬᠢᠯᠭᠡᠳᠤ ᠣᠩᠰᠢᠯᠭ᠎ᠠ ᠳᠤ ᠰᠤᠨᠢᠷᠬᠠᠭᠤᠯᠵᠤ᠂ ᠰᠢᠯᠦᠭ᠌ ᠣᠩᠰᠢᠯᠭ᠎ᠠ ᠶᠢᠨ ᠣᠷᠮ᠎ᠠ ᠰᠡᠳᠬᠢᠯᠭᠡ᠂ ᠬᠠᠪᠣ ᠴᠡᠩᠭᠡᠯ ᠢ ᠣᠯᠭᠤᠨ᠎ᠠ᠃ 《ᠪᠢ ᠮᠤᠩᠭ᠋ᠤᠯ ᠭᠦᠮᠤᠨ》 (ᠨᠢ᠋ᠮᠠᠳᠤᠭᠠᠷ ᠣᠨ ᠤ ᠳᠤᠤᠷᠠᠳᠤ ᠳᠠᠪᠳᠠᠷ) ᠭᠡᠭᠦ ᠳᠠᠭᠤᠤ ᠶᠢ ᠵᠢᠭᠠᠬᠤ ᠳᠤ ᠪᠠᠨ ᠡᠩ ᠳᠡᠷᠢᠭᠦᠨ ᠳᠤ ᠰᠤᠷᠤᠭᠴᠢᠳ ᠲᠤ ᠳᠤᠰ ᠳᠠᠭᠤᠤ ᠶᠢᠨ ᠰᠢᠩᠭᠡᠭᠡᠯᠳᠡ ᠶᠢ ᠰᠤᠨᠤᠰᠬᠠᠨ᠂ ᠰᠤᠷᠤᠭᠴᠢᠳ ᠤᠨ ᠣᠷᠮᠠᠰᠢᠯᠳᠤ ᠰᠡᠳᠬᠢᠯᠭᠡ ᠶᠢ ᠪᠣᠢ ᠪᠣᠯᠭᠠᠵᠤ᠂ ᠰᠤᠷᠬᠤ ᠶᠢᠨ ᠡᠷᠴᠢ ᠵᠤᠷᠢᠭ ᠢ ᠨᠢ ᠣᠷᠭᠢᠯᠤᠮ᠎ᠠ ᠴᠠᠯᠭᠢᠯᠤᠮ᠎ᠠ ᠭᠦᠭ᠍ᠵᠢᠭᠡᠨ᠎ᠡ᠃

2.ᠬᠤᠸᠠᠠᠳᠧᠩ ᠹᠢᠯᠢᠮ ᠢ ᠠᠰᠢᠭᠯᠠᠬᠤ

ᠪᠣᠳᠠᠳᠤ ᠠᠮᠢᠳᠠᠨ ᠪᠣᠳᠠᠰ ᠢ ᠳᠤᠰᠬᠠᠨ ᠥᠵᠡᠭᠦᠯᠭᠦ ᠵᠢᠭᠠᠬᠤ ᠠᠷᠭ᠎ᠠ ᠶᠢ ᠭᠡᠷᠡᠭᠯᠡᠭᠦ ᠨᠢ ᠮᠤᠩᠭ᠋ᠤᠯ ᠭᠡᠯᠡ ᠪᠢᠴᠢᠭ᠌ ᠤᠨ ᠵᠢᠭᠠᠨ ᠰᠤᠷᠭᠠᠯᠳᠠ ᠳᠤ ᠪᠣᠳᠠᠰ ᠪᠣᠶᠤ ᠠᠮᠢᠳᠠᠨ ᠤ ᠪᠣᠳᠠᠳᠤ ᠳᠦᠷᠢ ᠪᠠᠢ᠌ᠳᠠᠯ ᠢ ᠳᠤᠰᠬᠠᠨ ᠥᠵᠡᠭᠦᠯᠭᠦ ᠪᠣᠶᠤ ᠭᠡᠯᠡ ᠶᠠᠷᠢᠶ᠎ᠠ ᠪᠠᠷ ᠢᠯᠡᠳᠭᠡᠨ ᠳᠦᠷᠰᠦᠯᠢᠭ᠍ᠵᠢᠭᠦᠯᠤᠨ ᠰᠡᠳᠭᠢᠭᠦᠯᠭᠦ ᠳᠤ ᠭᠦᠳᠦᠯᠭᠦ ᠡᠴᠡ ᠨᠠᠩ ᠠᠮᠢᠳᠤᠯᠢᠭ ᠳᠦᠷᠰᠦᠯᠢᠭ᠌᠂ ᠭᠢᠯᠪᠠᠷᠬᠠᠨ ᠣᠢ᠌ᠯᠠᠭᠠᠭᠤᠯᠵᠤ᠂ ᠭᠡᠷᠡᠭ᠍ᠰᠡᠭᠦ ᠴᠠᠭ ᠲᠤ ᠠᠷᠪᠢᠳᠠᠢ᠂ ᠣᠢ᠌ᠯᠠᠭᠠᠮᠵᠢ ᠮᠠᠳᠠᠷᠠᠮᠵᠢ ᠳᠤ ᠰᠢᠭᠤᠳ ᠰᠠᠷᠠᠯᠳᠠ ᠥᠭ᠍ᠳᠡᠭ᠌᠃ ᠵᠢᠱᠢᠶᠠᠯᠠᠪᠠᠯ 《ᠦᠷᠤᠰᠢᠶᠠᠯ ᠶᠡᠭᠡᠳᠡᠢ ᠥᠭᠡᠳᠡᠢ ᠬᠠᠭᠠᠨ》 (ᠳᠤᠯᠤᠳᠤᠭᠠᠷ ᠣᠨ ᠤ ᠳᠤᠤᠷᠠᠳᠤ ᠳᠠᠪᠳᠠᠷ) ᠭᠡᠭᠦ ᠭᠢᠴᠢᠶᠠᠯ ᠢ ᠵᠢᠭᠠᠬᠤ ᠳᠤ ᠵᠢᠷᠤᠭ ᠥᠵᠡᠭᠦᠯᠭᠦ ᠠᠷᠭ᠎ᠠ ᠶᠢ ᠭᠡᠷᠡᠭᠯᠡᠭᠦ ᠨᠢ ᠨᠠᠩ ᠣᠢ᠌ᠯᠠᠭᠠᠮᠵᠢᠳᠠᠢ ᠪᠣᠯᠵᠤ ᠶᠡᠭᠡ ᠦᠷ᠎ᠡ ᠠᠰᠢᠭ ᠢ ᠣᠯᠬᠤ ᠶᠤᠮ᠃

ᠳᠠᠰᠬᠠᠯ ᠪᠣᠯᠪᠠᠰᠤᠷᠠᠯ ᠤᠨ ᠹᠢᠯᠢᠮ ᠢ ᠳᠡᠯᠭᠡᠴᠡ ᠳᠤ ᠥᠵᠡᠭᠦᠯᠭᠦ ᠨᠢ ᠮᠦᠨ ᠭᠢᠴᠢᠶᠠᠯ ᠤᠨ ᠴᠠᠭ ᠤᠨ ᠠᠰᠢᠭᠯᠠᠮᠵᠢ ᠶᠢ ᠳᠡᠭᠡᠭ᠍ᠰᠢᠯᠡᠭᠦᠯᠭᠦ ᠴᠢᠬᠤᠯᠠ ᠣᠢ᠌ᠯᠠᠳᠤᠯ ᠲᠡᠶ᠃ ᠪᠠᠭᠰᠢ ᠶᠢᠨ ᠥᠯᠡᠳᠡᠭᠡᠭᠦ ᠳᠠᠰᠬᠠᠯ ᠨᠢ ᠳᠠᠰᠬᠠᠯ ᠹᠢᠯᠢᠮ ᠪᠠᠢ᠌ᠬᠤ ᠪᠦᠭᠡᠳ ᠰᠤᠷᠤᠭᠴᠢᠳ ᠤᠨ ᠬᠠᠷᠢᠭᠤᠯᠬᠤ ᠨᠢ ᠴᠤ ᠳᠤᠰᠬᠠᠯ ᠹᠢᠯᠢᠮ ᠢ ᠠᠰᠢᠭᠯᠠᠨ᠎ᠠ᠃ ᠨᠠᠩ ᠢᠯᠠᠩᠭ᠋ᠤᠶ᠎ᠠ ᠭᠢᠴᠢᠶᠠᠯ ᠤᠨ ᠴᠠᠭ ᠤᠨ ᠳᠠᠰᠬᠠᠯ ᠪᠠ ᠪᠣᠯᠪᠠᠰᠤᠷᠠᠯ ᠢ ᠴᠠᠭ ᠳᠤᠬᠠᠢ ᠳ᠋ᠤᠨᠢ ᠳᠠᠰᠬᠠᠯ ᠮᠠᠰᠢᠨ ᠳᠡᠭᠡᠷ᠎ᠡ ᠳᠠᠯᠪᠢᠨ ᠭᠢᠨᠠᠵᠤ᠂ ᠠᠯᠳᠠᠭ᠎ᠠ ᠪᠣᠷᠤᠭᠤ ᠵᠣᠢ᠌ᠯ ᠢ ᠳᠠᠷᠤᠢ ᠳ᠋ᠤᠨᠢ ᠵᠠᠯᠠᠷᠠᠭᠤᠯᠤᠨ᠂ ᠳᠠᠭᠢᠨ ᠰᠢᠯᠢᠳᠡᠭ᠌ ᠰᠠᠢ᠌ᠨ ᠵᠣᠢ᠌ᠯ ᠢ ᠨᠢ ᠭᠦᠭᠢᠭᠦᠯᠤᠨ ᠰᠠᠢ᠌ᠰᠢᠶᠠᠬᠤ ᠳᠤ ᠰᠤᠷᠤᠭᠴᠢᠳ ᠤᠨ ᠰᠤᠷᠤᠯᠭ᠎ᠠ ᠳᠤ ᠭᠢᠨᠠᠯᠳᠠ ᠪᠣᠯᠬᠤ ᠮᠦᠷᠳᠡᠭᠡᠨ ᠨᠠᠩ ᠴᠢᠬᠤᠯᠠ ᠨᠢ ᠬᠠᠷᠢᠯᠴᠠᠨ ᠰᠤᠯᠢᠯᠴᠠᠬᠤ ᠳᠤ ᠠᠰᠢᠭᠳᠠᠢ ᠪᠠᠢ᠌ᠵᠤ ᠪᠠᠭᠰᠢ ᠰᠤᠷᠤᠭᠴᠢ ᠳᠤᠰ ᠳᠤᠰ ᠶᠢᠡᠷ ᠶᠢᠡᠨ ᠮᠠᠰᠢ ᠳᠦᠷᠭᠡᠨ ᠬᠠᠷᠢᠭᠤ ᠳᠤᠰᠬᠠᠯ ᠶᠢᠡᠨ ᠣᠯᠵᠤ᠂ ᠰᠤᠷᠬᠤ ᠳᠤᠷ᠎ᠠ ᠰᠤᠨᠢᠷᠬᠠᠯ ᠭᠦᠭ᠍ᠵᠢᠨ᠂ ᠰᠤᠷᠭᠠᠬᠤ ᠣᠷᠮ᠎ᠠ ᠵᠤᠷᠢᠭ ᠨᠡᠮᠡᠭ᠍ᠳᠡᠨ ᠭᠢᠴᠢᠶᠡᠯᠡᠯᠭᠡ ᠬᠠᠮᠤᠭ ᠦᠨᠳᠦᠷ ᠭᠢᠷᠢ ᠲᠦᠪᠰᠢᠨ ᠳᠤ ᠰᠢᠯᠤᠭᠤᠬᠠᠨ ᠭᠦᠷᠴᠤ ᠴᠢᠳᠠᠨ᠎ᠠ᠃ ᠡᠢ᠌ᠮᠦᠷᠭᠦ ᠳᠠᠰᠬᠠᠯ ᠢ ᠰᠤᠷᠤᠭᠴᠢᠳ ᠥᠪᠠᠷᠳᠡᠭᠡᠨ ᠰᠢᠯ ᠬᠠᠪᠳᠠᠰᠤ ᠪᠣᠶᠤ ᠬᠠᠳᠠᠭᠤᠯᠢᠭ ᠰᠢᠭ ᠳᠤᠩᠭ᠋ᠠᠯᠠᠭ ᠰᠦᠯᠢᠶᠤᠤ ᠳᠡᠭᠡᠷ᠎ᠡ ᠭᠢᠨ᠎ᠠ᠃ ᠡᠨᠡ ᠨᠢ ᠵᠢᠭᠠᠨ ᠰᠤᠷᠭᠠᠯᠳᠠ ᠶᠢᠨ ᠴᠠᠭ ᠢ ᠠᠷᠪᠢᠯᠠᠵᠤ᠂ ᠠᠵᠢᠯ ᠢ ᠴᠢᠯᠦᠭᠡᠯᠡᠭᠦ ᠪᠣᠯᠬᠤᠷ ᠰᠤᠷᠤᠭᠴᠢᠳ ᠲᠤ ᠨᠠᠩ ᠢᠯᠡᠭᠦᠤ ᠭᠦᠳᠡᠯᠭᠡᠭᠡᠨ ᠤ ᠣᠷᠤᠨ ᠵᠠᠢ ᠶᠢ ᠣᠯᠭᠤᠨ ᠦᠭ‍ᠭᠦ ᠪᠦᠭᠡᠳ ᠪᠠᠭᠰᠢ ᠶᠢᠨ ᠭᠦᠴᠤ ᠪᠠ ᠴᠠᠭ ᠶᠢᠡᠨ ᠵᠢᠭᠠᠨ ᠰᠤᠷᠭᠠᠬᠤ ᠣᠨᠤᠯ ᠪᠠ ᠠᠷᠭ᠎ᠠ ᠶᠢ ᠰᠤᠳᠤᠯᠬᠤ ᠳᠤ ᠵᠠᠷᠤᠴᠠᠭᠤᠯᠬᠤ ᠪᠣᠯᠤᠨ᠎ᠠ᠃ ᠢᠩᠭᠢᠵᠤ ᠵᠢᠭᠠᠨ ᠰᠤᠷᠭᠠᠬᠤ ᠠᠰᠢᠭᠯᠠᠮᠵᠢ ᠶᠢ ᠳᠡᠭᠡᠭ᠍ᠰᠢᠯᠡᠭᠦᠯᠭᠦ ᠠᠵᠢᠯ ᠢ ᠰᠥᠪᠠᠭ᠍ᠴᠢᠯᠡᠭᠦ ᠳᠤ ᠭᠦᠷᠪᠠᠯ ᠣᠯᠠᠨ ᠵᠠᠭᠤᠴᠢᠳᠤ ᠭᠢᠴᠢᠶᠡᠯᠯᠡᠭᠡ ᠨᠢ ᠪᠠᠭᠰᠢ ᠶᠢᠨ ᠠᠵᠢᠯ ᠤᠨ ᠰᠤᠳᠤᠯᠭᠠᠨ ᠳᠤ ᠮᠠᠰᠢ ᠶᠡᠭᠡ ᠳᠤᠰᠠᠯᠠᠮᠵᠢ ᠪᠣᠯᠬᠤ ᠪᠠᠷ ᠪᠠᠷᠠᠬᠤ ᠦᠭᠡᠶ ᠨᠢᠭᠡ ᠭᠢᠴᠢᠶᠡᠯᠯᠡᠭᠡ ᠶᠢᠨ ᠰᠤᠷᠬᠤ ᠬᠠᠷᠠᠯᠳᠠ ᠶᠢ ᠳᠤᠬᠠᠢ ᠶᠢᠨ ᠴᠠᠭ ᠳ᠋ᠤᠨᠢ ᠪᠠᠶᠡᠯᠡᠭᠦᠯᠤᠨ ᠭᠢᠴᠢᠶᠠᠯ ᠤᠨ ᠭᠠᠳᠠᠭᠤᠷ ᠰᠤᠷᠤᠭᠴᠢᠳ ᠤᠨ ᠨᠠᠭᠠᠳᠤᠨ ᠳᠤᠭᠯᠠᠬᠤ᠂ ᠪᠣᠰᠤᠳ ᠨᠤᠮ ᠥᠵᠡᠭᠦ ᠪᠠ ᠥᠭᠡᠷ᠎ᠡ ᠳᠤᠷ᠎ᠠ ᠪᠠᠬᠠᠳᠤ ᠵᠣᠢ᠌ᠯ ᠶᠢᠡᠨ ᠰᠥᠪᠠᠭ᠍ᠴᠢᠯᠡᠨ ᠣᠷᠤᠯᠳᠤᠬᠤ ᠴᠠᠭ ᠤᠨ ᠣᠷᠤᠨ ᠵᠠᠢ ᠲᠡᠶ ᠪᠣᠯᠵᠤ᠂ ᠪᠣᠳᠠᠭᠠᠯᠢ ᠴᠢᠨᠠᠷ ᠤᠨ ᠭᠦᠭ᠍ᠵᠢᠯᠳᠡ ᠳᠤ ᠳᠤᠩ ᠠᠰᠢᠭᠳᠠᠢ ᠶᠤᠮ᠃

3. ᠺᠦᠤᠷᠰᠸᠢ᠌ᠷ ᠢ ᠠᠰᠢᠭᠯᠠᠬᠤ

ᠮᠤᠩᠭ᠋ᠤᠯ ᠭᠡᠯᠡ ᠪᠢᠴᠢᠭ᠌ ᠤᠨ ᠭᠢᠴᠢᠶᠡᠯᠯᠡᠭᠡ ᠳᠤ ᠶᠠᠩᠵᠤ ᠪᠦᠷᠢ ᠶᠢᠨ ᠺᠦᠤᠷᠰᠸᠢ᠌ᠷ ᠢ ᠵᠤᠬᠢᠶᠠᠨ ᠪᠦᠳᠦᠭᠡᠵᠤ ᠳᠡᠯᠭᠡᠴᠡ ᠳᠤ ᠥᠵᠡᠭᠦᠯᠤᠨ ᠵᠢᠭᠠᠨ ᠰᠤᠷᠭᠠᠯᠳᠠ ᠳᠤ ᠠᠰᠢᠭᠯᠠᠬᠤ ᠨᠢ ᠭᠢᠴᠢᠶᠡᠯᠯᠡᠭᠡ ᠶᠢ ᠨᠠᠩ ᠠᠮᠢᠳᠤᠯᠢᠭᠵᠢᠭᠤᠯᠵᠤ᠂ ᠳᠦᠷᠰᠦᠯᠢᠭ᠍ᠵᠢᠭᠦᠯᠭᠦ ᠨᠢᠭᠡ ᠵᠣᠢ᠌ᠯ ᠤᠨ ᠰᠢᠨ᠎ᠠ ᠠᠷᠭ᠎ᠠ ᠠᠪᠴᠠᠯ ᠪᠣᠯᠤᠨ᠎ᠠ᠃ ᠡᠨᠡᠭᠦ ᠵᠢᠭᠠᠬᠤ ᠠᠷᠭ᠎ᠠ ᠨᠢ ᠣᠯᠠᠮᠵᠢᠯᠠᠯᠳᠤ ᠵᠢᠭᠠᠬᠤ ᠠᠷᠭ᠎ᠠ ᠶᠢ ᠪᠣᠳᠤᠪᠠᠯ ᠨᠠᠩ ᠴᠢᠩᠭ᠋᠎ᠠ ᠰᠤᠯᠢᠯᠴᠠᠭᠠᠳᠤ ᠴᠢᠨᠠᠷ ᠲᠡᠶ ᠶᠤᠮ᠃ ᠪᠠᠭᠰᠢ ᠺᠤᠮᠫᠢᠦ᠋ᠲ᠋ᠧᠷ ᠶᠢᠡᠷ ᠳᠠᠮᠵᠢᠨ ᠣᠯᠠᠨ ᠵᠣᠢ᠌ᠯ ᠤᠨ ᠰᠤᠷᠠᠭ ᠵᠠᠩᠭᠢ ᠶᠢᠨ ᠵᠠᠭᠤᠴᠢᠳᠤ ᠰᠤᠯᠢᠯᠴᠠᠭᠠᠳᠤ ᠴᠢᠨᠠᠷᠳᠠᠢ ᠠᠵᠢᠯᠯᠠᠭ᠎ᠠ ᠭᠢᠵᠤ᠂ ᠰᠤᠷᠠᠭ ᠵᠠᠩᠭᠢ ᠶᠢ ᠪᠦᠳᠦᠮᠵᠢᠳᠡᠢ ᠡᠵᠡᠮᠰᠢᠭᠦ ᠪᠦᠭᠡᠳ ᠴᠢᠳᠠᠮᠠᠭᠠᠢ ᠠᠰᠢᠭᠯᠠᠵᠤ᠂ ᠰᠤᠷᠠᠭ ᠵᠠᠩᠭᠢ ᠶᠢᠨ ᠳᠤᠬᠠᠢ ᠠᠩᠬᠠᠷᠬᠤ ᠭᠦᠴᠤ ᠪᠠ ᠣᠢ᠌ᠯᠠᠭᠠᠯᠳᠠ ᠪᠠᠨ ᠨᠡᠮᠡᠭ᠍ᠳᠡᠭᠦᠯᠵᠤ᠂ ᠰᠤᠷᠠᠭ ᠵᠠᠩᠭᠢ ᠶᠢ ᠥᠯᠡᠳᠡᠭᠡᠵᠤ ᠬᠠᠳᠠᠭᠠᠯᠠᠬᠤ ᠴᠠᠭ ᠢ ᠣᠷᠳᠤᠳᠬᠠᠨ᠎ᠠ᠃

ᠣᠯᠠᠮᠵᠢᠯᠠᠯᠳᠤ ᠵᠢᠭᠠᠨ ᠰᠤᠷᠭᠠᠯᠳᠠ ᠶᠢᠨ ᠭᠢᠵᠠᠭᠠᠷᠳᠠᠮᠠᠯ ᠴᠢᠨᠠᠷ ᠨᠢ ᠭᠤᠤᠯᠳᠠᠭᠤ ᠳᠠᠭᠤ ᠠᠪᠢᠶ᠎ᠠ᠂ ᠣ ᠶᠢᠨ ᠪᠢᠷ᠂ ᠰᠠᠮᠪᠠᠷ᠎ᠠ᠂ ᠳᠤᠰᠬᠠᠭᠤᠷ ᠮᠠᠰᠢᠨ ᠵᠡᠷᠭᠡ ᠪᠠᠢ᠌ᠨ᠎ᠠ᠃ ᠳᠠᠷᠠ ᠨᠢ ᠰᠤᠷᠠᠭ ᠵᠠᠩᠭᠢ ᠳᠠᠮᠵᠢᠭᠤᠯᠬᠤ ᠨᠢ ᠥᠭᠦᠮᠡᠯ ᠭᠡᠢ᠌ᠰᠪᠦᠷᠢ ᠪᠠᠢ᠌ᠵᠤ᠂ ᠰᠤᠷᠤᠭᠴᠢ ᠶᠢᠨ ᠭᠦᠯᠢᠶᠡᠨ ᠠᠪᠬᠤ ᠳᠤ ᠴᠤ ᠢᠳᠠᠪᠭᠢ ᠪᠣᠰᠤ ᠮᠸᠬᠠᠨᠢᠭᠴᠢᠯᠠᠭᠰᠠᠨ ᠳᠤ ᠣᠷᠤᠰᠢᠨ᠎ᠠ᠃ ᠰᠢᠨ᠎ᠠ ᠭᠢᠴᠢᠶᠠᠯ ᠤᠨ ᠪᠠᠷᠢᠮᠵᠢᠶ᠎ᠠ ᠶᠢᠨ ᠵᠠᠩᠭᠢᠯᠠᠭ᠎ᠠ ᠨᠢ ᠭᠢᠴᠢᠶᠠᠯ ᠤᠨ ᠳᠠᠩᠭᠢᠮ ᠤᠨ ᠵᠢᠭᠠᠨ ᠰᠤᠷᠭᠠᠯᠳᠠ ᠳ᠋ᠠᠭᠢ ᠳᠠᠮᠵᠢᠭᠤᠯᠬᠤ ᠪᠦᠳᠦᠴᠡ ᠶᠢ ᠬᠤᠪᠢᠷᠠᠭᠤᠯᠵᠤ᠂ ᠰᠤᠷᠠᠭ ᠵᠠᠩᠭᠢ ᠶᠢᠨ ᠴᠢᠳᠠᠪᠭᠢ ᠴᠢᠨᠠᠷ ᠢ᠂ ᠳᠠᠷᠤᠢ ᠺᠦᠤᠷᠰᠸᠢ᠌ᠷ ᠵᠤᠬᠢᠶᠠᠨ ᠳ᠋ᠢᠰᠺ ᠣᠢ᠌ᠯᠠᠳᠤᠨ ᠵᠢᠭᠠᠬᠤ ᠠᠷᠭ᠎ᠠ ᠮᠠᠶ‍ᠢᠭ ᠢ ᠠᠮᠢᠳᠤᠯᠢᠭᠵᠢᠭᠤᠯᠵᠤ ᠳᠦᠷᠰᠦᠯᠢᠭ᠍ᠵᠢᠭᠦᠯᠤᠨ ᠭᠢᠴᠢᠶᠠᠯ ᠤᠨ ᠳᠠᠩᠭᠢᠮ ᠤᠨ ᠠᠭᠤᠷ ᠠᠮᠢᠰᠬᠤᠯ ᠢ ᠰᠡᠷᠭᠦᠭᠡᠨ ᠠᠮᠢᠯᠠᠭᠤᠯᠵᠤ᠂ ᠰᠤᠷᠤᠭᠴᠢᠳ ᠤᠨ ᠰᠤᠷᠤᠯᠴᠠᠬᠤ ᠣᠷᠮᠠᠰᠢᠯ ᠪᠠ ᠬᠠᠢ᠌ᠨ ᠰᠦᠪᠡᠭᠴᠢᠯᠠᠵᠤ ᠰᠢᠨ᠎ᠠ ᠶᠢ ᠡᠭᠦᠳᠭᠦ ᠵᠤᠷᠢᠭ ᠰᠠᠨᠠᠭ᠎ᠠ ᠶᠢ ᠭᠦᠪᠴᠢᠯᠡᠨ᠎ᠡ᠃ ᠦᠰᠦᠭ᠌ ᠪᠢᠴᠢᠭ᠌᠂ ᠵᠢᠷᠤᠭ ᠳᠦᠷᠰᠤ᠂ ᠭᠡᠦᠭᠡᠯᠳᠡᠢ ᠭᠡᠪ᠂ ᠳᠠᠭᠤᠨ ᠠᠪᠢᠶ᠎ᠠ ᠵᠡᠷᠭᠡ ᠪᠠᠷ ᠰᠤᠷᠤᠭᠴᠢᠳ ᠤᠨ ᠰᠠᠷᠠᠯ ᠤᠨ ᠡᠷᠭᠡᠳᠡᠨ ᠳᠤ ᠴᠢᠩᠭ᠋᠎ᠠ ᠰᠠᠳᠠᠯᠳᠠ ᠥᠭ᠍ᠴᠤ ᠳᠠᠳᠠᠨ ᠤ ᠠᠩᠬᠠᠷᠤᠯ ᠢ ᠳᠠᠳᠠᠨ᠂ ᠰᠤᠨᠢᠷᠬᠠᠯ ᠢ ᠳᠦᠷᠦᠭ᠍ᠳᠡᠭᠦᠯᠤᠨ ᠵᠢᠭᠠᠨ ᠰᠤᠷᠭᠠᠯᠳᠠ ᠶᠢᠨ ᠭᠦᠳᠡᠯᠭᠡᠭᠡᠨ ᠤ ᠭᠤᠤᠯ ᠴᠤᠭᠴᠠ ᠶᠢᠨ ᠪᠠᠢ᠌ᠷᠢ ᠳᠤ ᠭᠦᠳᠦᠯᠤᠨ ᠡᠵᠡᠨ ᠪᠠᠶ᠎ᠠ ᠶᠢᠨ ᠭᠢᠨᠢ ᠣᠢ᠌ᠯᠠᠳᠤᠯ ᠶᠢ ᠨᠢ ᠪᠠᠳᠠᠷᠠᠭᠤᠯᠤᠨ᠎ᠠ᠃ ᠳᠠᠷᠤᠢ ᠺᠢᠨᠤ᠋ ᠳᠸᠯᠸᠢᠰ ᠤᠨ ᠪᠦᠳᠦᠭᠡᠯᠳᠡ ᠭᠢᠭᠦ ᠰᠢᠭ᠌ ᠶᠢᠡᠷ ᠺᠦᠤᠷᠰᠸᠢ᠌ᠷ ᠤᠨ ᠳ᠋ᠢᠰᠺ ᠭᠢᠭᠦ ᠳᠡᠭᠡᠨ ᠵᠢᠭᠠᠬᠤ ᠮᠠᠲ᠋ᠸᠷᠢᠶᠠᠯ ᠶᠢᠡᠷ ᠠᠭᠤᠯᠭ᠎ᠠ ᠪᠠᠨ ᠰᠤᠩᠭ᠋ᠤᠬᠤ ᠦᠨᠳᠦᠰᠦᠯᠠᠯ ᠪᠣᠯᠭᠠᠵᠤ ᠳᠡᠭᠦᠨ ᠤ ᠪᠦᠳᠦᠴᠡ ᠪᠠ ᠪᠠᠢ᠌ᠷᠢᠰᠢᠭᠤᠯᠤᠯᠳᠠ᠂ ᠬᠠᠷᠠᠭᠠᠯᠵᠠᠭᠰᠠᠨ ᠳᠠᠢ᠌ᠯᠪᠣᠷᠢ ᠥᠭᠡ ᠵᠡᠷᠭᠡ ᠶᠢᠨ ᠡᠭᠡ ᠪᠢᠴᠢᠭ᠌ ᠢ ᠪᠡᠯᠡᠳᠭᠡᠵᠤ ᠳᠡᠭᠦᠨ ᠤ ᠰᠠᠭᠤᠷᠢᠨ ᠳᠤ ᠳᠠᠭᠢᠨ ᠳᠠᠪᠳᠠᠨ ᠡᠮᠭᠢᠯᠡᠨ ᠴᠡᠭ᠍ᠴᠡᠯᠡᠵᠤ᠂ ᠰᠢᠯᠭᠠᠷᠠᠭᠤᠯᠤᠨ ᠪᠣᠯᠪᠠᠰᠤᠷᠠᠭᠤᠯᠤᠭᠠᠤᠨ ᠰᠢᠨ᠎ᠠ ᠡᠭᠦᠳᠦᠯᠳᠡ ᠭᠢᠨ᠎ᠠ᠃ ᠵᠢᠱᠢᠶᠠᠯᠠᠪᠠᠯ 《ᠨᠤᠳᠤᠭ ᠤᠨ ᠨᠤᠭᠤᠭᠠᠨ ᠳᠤᠷᠠᠰᠤᠮᠵᠢ》 ᠳ᠋ᠤ ᠺᠦᠤᠷᠰᠸᠢ᠌ᠷ ᠦᠢᠯᠡᠳᠬᠦ ᠳᠤ ᠪᠠᠨ ᠡᠩ ᠳᠡᠷᠢᠭᠦᠨ ᠳᠤ ᠡᠭᠡ ᠨᠤᠳᠤᠭ ᠤᠨ ᠪᠦᠭᠦ ᠦᠵᠡᠮᠵᠢ ᠶᠢ ᠳᠤᠰᠬᠠᠯ ᠹᠢᠯᠢᠮ ᠶᠢᠡᠷ ᠡᠯᠡᠰᠤ ᠮᠠᠩᠬᠠᠨ ᠤ ᠠᠭᠤᠤ ᠡᠷᠭᠢᠮᠰᠦᠭ᠌ ᠳᠦᠷᠢ ᠳᠦᠷᠭᠦ ᠶᠢ ᠰᠤᠷᠤᠭᠴᠢᠳ ᠲᠤ ᠳᠡᠯᠭᠡᠨ ᠥᠵᠡᠭᠦᠯᠦᠨ᠎ᠡ᠃ 《ᠰᠢᠷ᠎ᠠ ᠮᠦᠷᠠᠨ ᠤ ᠳᠤᠷᠠᠰᠤᠮᠵᠢ》᠂ 《ᠡᠯᠡᠰᠤ ᠮᠠᠩᠬᠠᠨ ᠤ ᠳᠤᠷᠠᠰᠤᠮᠵᠢ》᠂ 《ᠬᠤᠶᠠᠷ ᠱᠠᠩᠰᠢ ᠶᠢᠨ ᠳᠤᠷᠠᠰᠤᠮᠵᠢ》 ᠵᠡᠷᠭᠡ ᠭᠤᠤᠯ ᠭᠤᠤᠯ ᠦᠵᠡᠮᠵᠢ ᠶᠢ ᠣᠷᠢᠳᠠᠪᠠᠷ ᠰᠤᠷᠤᠭᠴᠢᠳ ᠢ ᠵᠢᠯᠤᠭᠤᠳᠤᠨ ᠳᠦᠷᠰᠦᠯᠢᠭ᠌ ᠰᠡᠳᠭᠢᠭᠦᠯᠦᠭ᠍ᠰᠡᠨ ᠤ ᠳᠠᠷᠠᠭ᠎ᠠ ᠳᠠᠭᠢᠨ ᠳᠤᠰ ᠠᠭᠤᠯᠭ᠎ᠠ ᠮᠠᠲ᠋ᠸᠷᠢᠶᠠᠯ ᠪᠠᠷ ᠥᠢᠯᠡᠳᠦᠭ᠍ᠰᠡᠨ ᠺᠦᠤᠷᠰᠸᠢ᠌ᠷ ᠵᠤᠬᠢᠶᠠᠨ ᠭᠢᠴᠢᠶᠡᠯᠯᠡᠭᠡ ᠳᠤ ᠠᠮᠢᠳᠤᠯᠢᠭ ᠠᠰᠢᠭᠯᠠᠵᠤ ᠳᠦᠷᠰᠦᠯᠢᠭ᠌ ᠥᠵᠡᠭᠦᠯᠤᠨ ᠰᠤᠷᠤᠭᠴᠢᠳ ᠤᠨ ᠰᠡᠳᠭᠢᠭ᠍ᠰᠡᠨ ᠥᠢᠯᠡᠳᠦᠯᠭᠡ ᠳᠤ ᠬᠠᠷᠢᠭᠤ ᠳᠤᠰᠬᠠᠯ ᠦᠭ‍ᠭᠦᠨ᠎ᠡ᠃ ᠢᠩᠭᠢᠭᠡᠳ ᠪᠠᠭᠰᠢ ᠰᠤᠷᠤᠭᠴᠢ ᠶᠢᠨ ᠣᠷᠭᠠᠨᠢᠭ ᠬᠠᠮᠵᠢᠯᠴᠠᠭ᠎ᠠ ᠶᠢ ᠪᠠᠶᠡᠯᠡᠭᠦᠯᠤᠨ᠂ ᠭᠢᠴᠢᠶᠡᠯᠯᠡᠭᠡ ᠶᠢᠨ ᠦᠷ᠎ᠡ ᠠᠰᠢᠭ ᠢ ᠪᠠᠳᠤᠯᠠᠨ᠎ᠠ᠃

ᠣᠯᠠᠨ ᠵᠠᠭᠤᠴᠢᠳᠤ ᠪᠠᠶ᠎ᠠ ᠶᠢ ᠳᠤᠭᠤᠵᠢᠰ ᠤᠨ ᠵᠤᠬᠢᠶᠠᠯ ᠤᠨ ᠵᠢᠭᠠᠨ ᠰᠤᠷᠭᠠᠯᠳᠠ ᠳᠤ ᠵᠤᠭᠢᠰᠳᠠᠢ ᠠᠰᠢᠭᠯᠠᠵᠤ ᠪᠣᠯᠬᠤ ᠪᠠᠷ ᠪᠠᠷᠠᠬᠤ ᠦᠭᠡᠶ ᠳᠠᠢ᠌ᠯᠪᠣᠷᠢᠯᠠᠨ ᠳᠤᠭᠠᠴᠢᠭᠰᠠᠨ ᠵᠤᠬᠢᠶᠠᠯ ᠤᠨ ᠵᠢᠭᠠᠨ ᠰᠤᠷᠭᠠᠯᠳᠠ ᠳᠤ ᠴᠤ ᠠᠳᠠᠯᠢᠬᠠᠨ ᠳᠤᠭᠢᠷᠠᠨ᠎ᠠ᠃ ᠳᠠᠷᠤᠢ 《ᠳᠤᠷᠤᠭᠤ》 (ᠳᠤᠯᠤᠳᠤᠭᠠᠷ ᠣᠨ ᠤ ᠳᠤᠤᠷᠠᠳᠤ ᠳᠠᠪᠳᠠᠷ)《ᠦᠨᠢᠶ᠎ᠡ》 (ᠳᠤᠯᠤᠳᠤᠭᠠᠷ ᠣᠨ ᠤ ᠳᠤᠤᠷᠠᠳᠤ ᠳᠠᠪᠳᠠᠷ) ᠵᠡᠷᠭᠡ ᠳᠠᠢ᠌ᠯᠪᠣᠷᠢᠯᠠᠨ ᠳᠤᠭᠠᠴᠠᠭᠰᠠᠨ ᠵᠤᠬᠢᠶᠠᠯ ᠢ ᠵᠢᠭᠠᠬᠤ ᠳᠤ ᠺᠦᠤᠷᠰᠸᠢ᠌ᠷ ᠶᠢᠡᠷ ᠳᠤᠰ ᠭᠢᠴᠢᠶᠠᠯ ᠤᠨ ᠠᠭᠤᠯᠭ᠎ᠠ ᠶᠢ ᠳᠡᠯᠭᠡᠴᠡ ᠳᠤ ᠥᠵᠡᠭᠦᠯᠤᠨ ᠵᠢᠭᠠᠨ ᠰᠤᠷᠭᠠᠬᠤ ᠭᠦᠳᠡᠯᠭᠡᠭᠡᠨ ᠶᠢᠡᠨ ᠦᠷᠨᠢᠭᠦᠯᠭᠦ ᠳᠤ ᠶᠤᠰᠤᠳᠠᠢ ᠰᠠᠢ᠌ᠬᠠᠨ ᠳᠤᠭᠢᠷᠠᠯᠴᠠᠬᠤ ᠪᠦᠭᠡᠳ ᠰᠤᠷᠤᠭᠴᠢᠳ ᠤᠨ ᠨᠢᠳᠤᠨ ᠡᠮᠦᠨ᠎ᠡ ᠨᠢ ᠶᠠᠭ ᠪᠣᠳᠠᠳᠠᠢ ᠣᠷᠴᠢᠨ ᠳ᠋ᠤᠨᠢ ᠣᠴᠢᠭᠰᠠᠨ ᠰᠢᠭ ᠦᠨᠡᠨ᠂ ᠠᠮᠢᠳᠤᠯᠢᠭ᠂ ᠳᠦᠷᠰᠦᠯᠢᠭ᠌ ᠪᠣᠯᠵᠤ ᠵᠢᠭᠠᠨ ᠰᠤᠷᠭᠠᠯᠳᠠ ᠶᠢᠨ ᠡᠭᠦᠷᠭᠡ ᠬᠠᠷᠠᠯᠳᠠ ᠪᠠᠨ ᠠᠮᠠᠷᠬᠠᠨ ᠪᠠᠶᠡᠯᠡᠭᠦᠯᠵᠤ ᠳᠠᠢ᠌ᠯᠤᠨ᠎ᠠ᠃ ᠨᠠᠩ ᠢᠯᠠᠩᠭ᠋ᠤᠶ᠎ᠠ 《ᠴᠠᠭᠠᠠᠨᠠᠭᠤᠷ ᠤᠨ ᠢᠵᠢᠯᠢ ᠬᠤᠶᠠᠷ ᠬᠤᠨ》 ᠭᠡᠭᠦ ᠳᠠᠢ᠌ᠯᠪᠣᠷᠢᠯᠠᠨ ᠳᠤᠭᠠᠴᠠᠭᠰᠠᠨ ᠵᠤᠬᠢᠶᠠᠯ ᠤᠨ ᠺᠦᠤᠷᠰᠸᠢ᠌ᠷ ᠢ ᠣᠢ᠌ᠯᠠᠳᠤᠨ ᠪᠦᠳᠦᠭᠡᠵᠤ ᠵᠢᠭᠠᠨ ᠰᠤᠷᠭᠠᠯᠳᠠ ᠳᠤ ᠪᠠᠨ ᠠᠰᠢᠭᠯᠠᠬᠤ ᠪᠣᠯ ᠺᠢᠨᠤ᠋ ᠵᠥᠴᠦᠭᠡ ᠥᠵᠡᠭᠦ ᠰᠢᠭ᠌ ᠠᠮᠠᠷᠬᠠᠨ ᠰᠤᠷᠬᠤ ᠬᠠᠷᠠᠯᠳᠠ ᠳᠤ ᠪᠠᠨ ᠭᠦᠷᠴᠤ ᠴᠢᠳᠠᠨ᠎ᠠ᠃

ᠡᠭᠦᠨ ᠶᠢᠡᠷ ᠦᠵᠡᠪᠠᠯ ᠮᠤᠩᠭ᠋ᠤᠯ ᠭᠡᠯᠡ ᠪᠢᠴᠢᠭ᠌ ᠤᠨ ᠵᠢᠭᠠᠨ ᠰᠤᠷᠭᠠᠯᠳᠠ ᠳᠤ ᠣᠯᠠᠨ ᠵᠠᠭᠤᠴᠢᠳᠤ ᠵᠢᠭᠠᠬᠤ ᠡᠭᠢ ᠰᠤᠷᠪᠣᠯᠵᠢ ᠨᠠᠩ ᠢᠯᠡᠭᠦᠤ ᠱᠠᠭᠠᠷᠳᠠᠭᠳᠠᠨ᠎ᠠ᠃ ᠮᠤᠩᠭ᠋ᠤᠯ ᠭᠡᠯᠡ ᠪᠢᠴᠢᠭ᠌ ᠤᠨ ᠪᠠᠭᠰᠢ ᠡᠴᠡ ᠰᠤᠷᠭᠠᠬᠤ ᠡᠳᠡᠭᠡᠳ ᠶᠢᠡᠨ ᠭᠦᠡᠵᠡᠭᠡᠢ ᠰᠤᠳᠤᠯᠤᠭᠰᠠᠨ ᠤ ᠰᠠᠭᠤᠷᠢᠨ ᠳᠡᠭᠡᠷ᠎ᠡ ᠵᠢᠭᠠᠨ ᠰᠤᠷᠭᠠᠯᠳᠠ ᠶᠢᠨ ᠭᠡᠷᠡᠭ᠍ᠴᠡᠭᠡ ᠳᠤ ᠳᠤᠭᠢᠷᠠᠭᠰᠠᠨ ᠵᠠᠭᠤᠴᠢ ᠪᠠᠨ ᠳᠤᠤᠷ ᠰᠦᠯᠵᠢᠶ᠎ᠠ ᠡᠴᠡ ᠵᠦᠢ ᠵᠤᠭᠢᠰᠳᠠᠢ ᠰᠤᠩᠭ᠋ᠤᠨ᠎ᠠ᠃ ᠴᠢᠬᠤᠯᠠ ᠲᠡᠶ ᠦᠶ᠎ᠡ ᠳᠤ ᠦᠪᠡᠷ ᠤᠨ ᠶᠢᠡᠨ ᠳᠤᠰᠬᠠᠯ ᠹᠢᠯᠢᠮ ᠵᠤᠬᠢᠶᠠᠵᠤ ᠨᠥᠭᠦᠪᠦᠷᠢᠯᠡᠵᠤ ᠪᠣᠯᠤᠨ᠎ᠠ᠃ ᠳᠤᠰᠬᠠᠯ ᠹᠢᠯᠢᠮ ᠶᠢᠡᠨ ᠭᠢᠴᠢᠶᠡᠯᠯᠡᠭᠡ ᠶᠢᠨ ᠡᠭᠢᠨ᠂ ᠳᠤᠮᠳᠠ᠂ ᠠᠳᠠᠭ ᠲᠤ ᠴᠢᠯᠦᠭᠡᠳᠡᠢ ᠭᠡᠷᠡᠭᠯᠡᠵᠤ ᠳᠡᠯᠭᠡᠴᠡ ᠳᠤ ᠥᠵᠡᠭᠦᠯᠦᠨ᠎ᠡ᠃ ᠥᠵᠡᠭᠦᠯᠬᠦ ᠪᠠᠨ ᠬᠢᠴᠢᠶᠡᠯ ᠤᠨ ᠡᠭᠢᠨ ᠳᠤ ᠵᠠᠷᠤᠪᠠᠯ᠂ ᠰᠢᠨ᠎ᠠ ᠭᠢᠴᠢᠶᠠᠯ ᠳᠤ ᠭᠦᠳᠦᠯᠭᠦ ᠣᠢ᠌ᠯᠠᠳᠤᠯ ᠲᠡᠶ ᠪᠠᠢ᠌ᠵᠤ᠂ ᠳᠤᠮᠳᠠ ᠨᠢ ᠠᠰᠢᠭᠯᠠᠪᠠᠯ ᠵᠢᠭᠠᠬᠤ ᠠᠭᠤᠯᠭ᠎ᠠ ᠶᠢᠨ ᠭᠤᠤᠯᠳᠠᠯᠭ᠎ᠠ ᠪᠠᠨ ᠳᠤᠪᠣᠢ᠌ᠯᠭᠠᠵᠤ᠂ ᠭᠦᠴᠢᠷᠳᠡᠯᠭᠡ ᠪᠠᠨ ᠰᠢ᠌ᠳᠪᠦᠷᠢᠯᠡᠭᠦ ᠳᠤ ᠥᠢᠯᠡᠴᠢᠯᠡᠳᠡᠭ᠌᠃ ᠬᠠᠮᠤᠭ ᠰᠡᠭᠦᠯ ᠳᠤ ᠭᠡᠷᠡᠭᠯᠡᠭᠦ ᠨᠢ ᠰᠤᠷᠤᠭᠰᠠᠨ ᠮᠡᠳᠡᠯᠭᠡ ᠪᠠᠨ ᠪᠠᠳᠤᠳᠬᠠᠬᠤ ᠳᠤ ᠥᠢᠯᠡᠴᠢᠯᠡᠳᠡᠭ᠌᠃

ᠣᠯᠠᠨ ᠵᠠᠭᠤᠴᠢᠳᠤ ᠪᠠᠶ᠎ᠠ ᠶᠢ ᠮᠤᠩᠭ᠋ᠤᠯ ᠭᠡᠯᠡ ᠪᠢᠴᠢᠭ᠌ ᠤᠨ ᠵᠢᠭᠠᠨ ᠰᠤᠷᠭᠠᠯᠳᠠ ᠳᠤ ᠠᠰᠢᠭᠯᠠᠬᠤ ᠳᠤ ᠪᠠᠨ ᠵᠦᠢ ᠵᠤᠭᠢᠰ ᠢ ᠠᠩᠬᠠᠷᠴᠤ᠂ ᠭᠤᠤᠯᠳᠠᠯᠭ᠎ᠠ ᠪᠠᠨ ᠳᠤᠪᠣᠢ᠌ᠯᠭᠠᠨ᠂ ᠭᠦᠴᠢᠷᠳᠡᠯᠭᠡ ᠳᠤ ᠪᠠᠨ ᠰᠢ᠌ᠳᠪᠦᠷᠢᠯᠡᠭᠦ ᠪᠠ ᠬᠠᠷᠠᠯᠳᠠ ᠪᠠᠨ ᠪᠠᠶᠡᠯᠡᠭᠦᠯᠭᠦ ᠳᠤ ᠯᠠ ᠥᠢᠯᠡᠴᠢᠯᠡᠭᠦᠯᠦᠨ᠎ᠡ᠃ ᠭᠡᠪᠠᠴᠤ ᠣᠠᠴᠠᠯᠠᠨ ᠠᠩᠬᠠᠷᠤᠭᠤᠰᠢᠳᠠᠢ ᠵᠣᠢ᠌ᠯ ᠪᠣᠯ ᠣᠯᠠᠨ ᠵᠠᠭᠤᠴᠢᠳᠤ ᠪᠠᠶ᠎ᠠ ᠶᠢᠨ ᠭᠡᠷᠡᠭᠯᠡᠭᠡ ᠪᠠᠨ ᠡᠷᠭᠡᠪᠰᠢ ᠵᠦᠢ ᠵᠤᠭᠢᠰᠳᠠᠢ᠂ ᠳᠤᠭᠢᠷᠠᠮᠵᠢᠳᠠᠢ ᠪᠠᠢ᠌ᠯᠭᠠᠬᠤ ᠭᠡᠷᠡᠭ᠍ᠳᠡᠢ᠃ ᠳᠤᠳᠠᠭᠤ ᠰᠢᠭ ᠭᠡᠷᠡᠭᠯᠡᠵᠤ ᠪᠣᠯᠤᠨ᠎ᠠ᠃ ᠶᠠᠭᠠᠭᠢᠭᠰᠠᠨ ᠴᠤ ᠪᠣᠳᠠᠳᠠᠢ ᠡᠴᠡ ᠭᠡᠳᠦᠷᠡᠭᠦᠯᠵᠤ ᠪᠣᠯᠬᠤ ᠦᠭᠡᠶ᠃ ᠭᠡᠷᠪᠡ ᠳᠠᠩᠳᠠ ᠵᠢᠷᠤᠭ ᠥᠵᠡᠭᠦᠯᠦᠭᠡᠳ ᠪᠠᠢ᠌ᠪᠠᠯ ᠮᠤᠩᠭ᠋ᠤᠯ ᠭᠡᠯᠡᠨ ᠤ ᠭᠢᠴᠢᠶᠡᠯᠯᠡᠭᠡ ᠶᠢᠨ ᠣᠭ ᠴᠢᠨᠠᠷ ᠶᠢᠡᠨ ᠠᠯᠳᠠᠵᠤ ᠰᠤᠷᠤᠭᠴᠢᠳ ᠤᠨ ᠦᠪᠡᠷᠮᠢᠴᠠ ᠴᠢᠨᠠᠷ ᠤᠨ ᠰᠡᠳᠭᠢᠭᠦᠢ ᠶᠢᠨ ᠭᠦᠭ᠍ᠵᠢᠯᠳᠡ ᠳᠤ ᠠᠰᠢᠭ ᠦᠭᠡᠶ᠃


ᠳᠠᠩ ᠬᠠᠢ ᠬᠤ᠂ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠳ᠋ᠠᠭᠢ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ ᠶᠢᠨ ᠳᠡᠭᠡᠳᠤ ᠳᠠᠰ ᠤᠨ ᠪᠠᠭᠰᠢ

ᠵᠤᠬᠢᠶᠠᠭᠴᠢ᠄ ᠳᠠᠩᠨᠤᠳ ᠬᠠᠢ᠌ᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2879
ᠴᠠᠭ᠄ 2012 ᠤᠨ ᠤ 06 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ