☆ ᠡᠰᠨᠢᠯ
ᠴᠢᠮ᠎ᠠ ᠶᠢ ᠦᠭᠡᠶ ᠳ᠋ᠤ
ᠴᠢᠮ᠎ᠠ ᠶᠢ ᠦᠭᠡᠶ ᠳᠤ ᠊᠊᠊᠊᠊᠊᠊᠊᠊᠊᠊᠊᠊᠊᠊
ᠦᠨᠡᠳᠤ ᠡᠳ᠋ ᠶᠢᠡᠨ ᠭᠡᠭᠡᠭ᠍ᠰᠡᠨ ᠰᠢᠭ᠌ ᠭᠠᠳᠠᠭᠤᠷ ᠰᠡᠭ᠍ᠰᠡᠯᠵᠡᠨᠡ
ᠦᠨᠦᠷᠳᠤ ᠴᠠᠢ ᠳᠤ ᠰᠥ᠋ ᠳᠤᠳᠠᠭᠰᠠᠨ ᠰᠢᠭ ᠰᠠᠷᠠᠯ ᠬᠤᠮᠰᠠᠳᠠᠨᠠ
ᠣᠩᠰᠢᠭᠰᠠᠨ ᠨᠤᠮ ᠳᠤ ᠣᠰᠤ ᠠᠮᠳᠠᠯᠠᠭᠳᠠᠵᠤ ᠰᠡᠳᠭᠢᠯ ᠡᠵᠡᠭᠦᠢᠷᠡᠨ᠎ᠡ
ᠣᠶᠤᠨ ᠣᠬᠠᠭᠠᠨ ᠳᠤ ᠨᠠᠢ᠌ᠷᠠᠭ ᠶᠠᠳᠠᠭᠤᠷᠠᠵᠤ ᠪᠠᠶ᠎ᠠ ᠴᠢᠯᠠᠷᠠᠨᠡ᠃
ᠴᠢᠮ᠎ᠠ ᠶᠢ ᠦᠭᠡᠶ ᠳᠤ ᠊᠊᠊᠊᠊᠊᠊᠊᠊᠊᠊᠊᠊᠊᠊
ᠦᠨᠳᠦᠷ ᠳᠡᠭ᠍ᠷᠢ ᠲᠦᠩᠰᠣᠢ᠌ᠵᠤ ᠪᠦᠳᠡᠭᠢᠷᠡᠨ ᠬᠠᠷ᠎ᠠ ᠪᠠᠭᠤᠨ᠎ᠠ
ᠦᠳᠡᠰᠢ ᠶᠢᠨ ᠠᠮᠤᠭᠤᠯᠠᠩ ᠳᠤ ᠬᠤᠭᠤᠷ ᠤᠨ ᠡᠭᠡᠰᠢᠭ᠌ ᠤᠶᠠᠩᠭ᠎ᠠ ᠳᠤᠳᠠᠨ᠎ᠠ
ᠬᠠᠪᠣᠷ ᠤᠨ ᠴᠡᠴᠡᠭ᠌ ᠴᠤᠮᠤᠷᠯᠢᠭ ᠶᠢᠡᠨ ᠬᠤᠮᠢᠵᠤ ᠭᠤᠠᠳᠠᠨ ᠨᠠᠢ᠌ᠭᠤᠨ᠎ᠠ
ᠬᠠᠨ ᠬᠤᠷᠸ᠎ᠠ ᠬᠠᠮᠤᠭ ᠶᠢᠡᠷ ᠶᠢᠡᠨ ᠭᠠᠭᠴᠠᠭᠠᠷᠳᠠᠵᠤ ᠬᠠᠢ᠌ᠯᠠᠨ ᠪᠣᠢ᠌ᠯᠠᠨ᠎ᠠ᠃
ᠴᠢᠮ᠎ᠠ ᠶᠢ ᠦᠭᠡᠶ ᠳ᠋ᠤ
ᠴᠢᠩ ᠰᠡᠳᠭᠢᠯ ᠬᠠᠢ᠌ᠷ᠎ᠠ ᠪᠠᠷ ᠭᠣᠢ᠌ᠷᠠᠠᠴᠢᠯᠠᠨᠠ ᠡ ︕
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11241
ᠴᠠᠭ᠄ 2013 ᠤᠨ ᠤ 08 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ