☆ ᠯᠢ ᠬᠤᠧᠨ
ᠺᠠᠷᠲ᠋ ᠡᠪᠦᠷᠯᠡᠭ᠍ᠰᠡᠨ ᠮᠠᠠᠰᠠᠩ
ᠨᠠᠭᠠᠨ᠎ᠠ ᠨᠢ ᠯᠠ ᠰᠠᠷ᠎ᠠ
ᠴᠠᠭᠠᠨ᠎ᠠ ᠨᠢ ᠴᠠᠭᠠᠨ ᠰᠠᠷ᠎ᠠ
ᠺᠠᠷᠲ᠋ ᠡᠪᠦᠷᠯᠡᠭ᠍ᠰᠡᠨ ᠮᠠᠠᠰᠠᠩ ᠡᠪᠦᠭᠡᠨ
ᠺᠠᠷᠲ᠋ ᠪᠠᠨ ᠵᠢᠷᠤᠭᠤᠯᠬᠤ ᠪᠠᠷ ᠬᠤᠳᠠ ᠣᠷᠤᠪᠠ
ᠢᠳᠡᠭᠡᠮᠵᠢ ᠶᠢᠨ ᠳᠠᠩᠭᠢᠮ ᠳᠤ ᠠᠮᠢᠰᠬᠤᠭᠠᠳᠠᠨ ᠰᠢᠬᠠᠭᠳᠠᠭᠰᠠᠭᠠᠷ
ᠦᠷᠯᠦᠭᠡ ᠡᠴᠡ ᠴᠡᠭᠡᠵᠢᠯᠡᠭ᠍ᠰᠡᠨ ᠵᠢᠷᠭᠤᠭᠠᠨ ᠳᠤᠭ᠎ᠠ ᠪᠠᠷ ᠶᠢᠡᠨ
ᠣᠯᠠᠭᠠᠨ ᠵᠤᠭᠤᠰ ᠢ ᠠᠷᠪᠠ ᠣᠯᠵᠤ ᠡᠪᠦᠷᠯᠡᠪᠡ
ᠮᠠᠠᠰᠠᠩ ᠡᠪᠦᠭᠡᠨ ᠮᠠᠷᠰᠠᠭᠠᠨᠠᠨ ᠢᠨᠢᠶᠠᠵᠤ
ᠮᠠᠯᠠ ᠳ᠋ᠸᠤᠹᠦ᠋ ᠡᠴᠡ ᠨᠢᠭᠡ ᠫᠢᠯᠠ ᠵᠠᠭᠢᠶᠠᠯᠠᠵᠤ
ᠮᠢᠬ᠎ᠠ ᠱᠦᠯᠦ ᠡᠴᠡ ᠬᠤᠶᠠᠷ ᠳᠤᠭᠤᠭ᠎ᠠ ᠳᠤᠷᠠᠳᠠᠨ
ᠮᠠᠰᠢ ᠳᠤᠷᠠᠳᠠᠢ ᠠᠷᠢᠭᠢ ᠡᠴᠡ ᠵᠤᠭᠤᠭᠯᠠᠪᠠ
ᠢᠮᠠᠭᠠᠨ ᠡᠪᠠᠷ ᠨᠢ ᠶᠠᠭᠵᠢᠭ ᠪᠣᠯᠪᠠᠴᠤ ᠡ ᠭᠡᠵᠤ
ᠶᠡᠭᠡ ᠳᠠᠭᠤᠨ ᠶᠢᠡᠷ ᠣᠳᠠᠰᠤ ᠨᠢ ᠬᠠᠩᠭᠢᠨᠠᠵᠤ
ᠶᠠᠩᠰᠢᠶ᠎ᠠ ᠡᠭᠡᠨᠡᠷ ᠰᠤᠪᠣᠤᠨ ᠨᠢ ᠪᠠᠷᠭᠢᠷᠠᠵᠤ
ᠶᠠᠭᠠᠭᠢᠪᠠᠴᠤ ᠪᠢᠳᠠᠭᠢ ᠰᠤᠭᠳᠤ ᠭᠡᠵᠤ ᠵᠠᠷᠯᠢᠭᠳᠠᠪᠠ
ᠮᠠᠭᠤ ᠡᠮᠡᠰ ᠥᠭᠡ ᠠᠷᠪᠢᠨ
ᠮᠠᠭᠤ ᠭᠤᠧᠨ ᠶᠢᠨ ᠦᠷ᠎ᠡ ᠠᠷᠪᠢᠨ
ᠮᠠᠠᠰᠠᠩ ᠪᠢ ᠡᠷ᠎ᠡ ᠭᠦᠮᠤᠨ ᠭᠡᠮᠡᠭᠡᠳ
ᠮᠠᠰᠢ ᠳᠤᠷᠠᠳᠠᠢ ᠡᠴᠡ ᠪᠠᠨ ᠪᠠᠰᠠ ᠵᠤᠭᠤᠭᠯᠡᠪᠡ
ᠡᠴᠢᠭᠡ ᠶᠢᠨ ᠪᠣᠶᠠᠨ ᠪᠢᠰᠢ
ᠡᠪ ᠬᠠᠮᠳᠤ ᠨᠠᠮ ᠤᠨ ᠪᠣᠶᠠᠨ
ᠦᠨᠦᠳᠤᠷ ᠳᠤᠤᠷ᠎ᠠ ᠪᠠᠳᠤᠯᠭᠠᠳᠤ ᠶᠢᠨ ᠮᠥᠩᠭᠦ ᠪᠠᠨ ᠵᠠᠷᠤᠬᠤ ᠳ᠋ᠤ
ᠮᠠᠷᠭᠠᠰᠢ ᠡᠪᠠᠰᠤ ᠪᠠᠯᠴᠢᠭᠡᠷ ᠤᠨ ᠨᠥᠭᠦᠪᠦᠷᠢ ᠪᠠᠢ᠌ᠨ᠎ᠠ
ᠡᠯᠢᠭᠡ ᠨᠢ ᠬᠠᠯᠠᠭᠤᠷᠠᠭᠰᠠᠨ ᠡᠮᠳᠡᠷᠭᠡᠢ ᠮᠠᠠᠰᠠᠩ
ᠡᠯᠢᠭᠡᠳᠡᠨ ᠣᠨᠠᠵᠤ ᠪᠦᠳᠦᠴᠢᠨ ᠪᠣᠰᠴᠤ ᠯᠠ ᠪᠠᠢ᠌ᠨ᠎ᠠ
ᠡᠢ᠌ᠰᠢ ᠪᠠᠨ ᠶᠠᠪᠣᠬᠤ ᠭᠡᠳ ᠳᠠᠢ᠌ᠰᠢ ᠪᠠᠨ ᠬᠠᠢ᠌ᠪᠠᠵᠤ
ᠡᠮᠤᠨᠠᠭᠢ ᠳᠡᠷᠭᠡ ᠡᠴᠡ ᠵᠠᠢ᠌ᠯᠠᠵᠤ ᠵᠠᠪᠳᠠᠭᠰᠠᠨ ᠦᠭᠡᠶ ᠁
ᠨᠠᠭᠠᠨ᠎ᠠ ᠨᠢ ᠯᠠ ᠰᠠᠷ᠎ᠠ
ᠴᠠᠭᠠᠨ᠎ᠠ ᠨᠢ ᠴᠠᠭᠠᠨ ᠰᠠᠷ᠎ᠠ
ᠺᠠᠷᠲ᠋ ᠡᠪᠦᠷᠯᠡᠭ᠍ᠰᠡᠨ ᠮᠠᠠᠰᠠᠩ ᠡᠪᠦᠭᠡᠨ ᠁
ᠵᠤᠬᠢᠶᠠᠭᠴᠢ ᠶᠢᠨ ᠬᠠᠶᠢᠭ ᠄ ᠬᠤᠷᠴᠢᠨ ᠪᠠᠷᠠᠭᠤᠨ ᠳᠤᠮᠳᠠᠳᠤ ᠬᠤᠰᠢᠭᠤᠨ ᠤ ᠭᠦᠡᠳᠡᠯᠡᠨ ᠠᠵᠢᠯᠯᠠᠬᠤ ᠭᠠᠵᠠᠷ
ᠵᠤᠬᠢᠶᠠᠭᠴᠢ᠄ ᠯᠢ ᠬᠤᠧᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 9045
ᠴᠠᠭ᠄ 2011 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ