ᠨᠡᠪᠲᠡᠷᠡᠨ ᠤᠷᠤᠬᠤ
ᠣᠩᠭ᠋ᠣᠢ᠌ᠭᠰᠠᠨ ᠡᠭᠦᠯᠡ

ᠠᠪᠠᠬᠠᠢ ᠳ᠋ᠠᠭᠠᠨ

ᠦᠵᠡᠵᠤ ᠳᠤᠭᠤᠭᠰᠠᠨ

ᠥᠩᠭᠡᠳᠤ ᠬᠤᠪᠴᠡᠰᠤ ᠡᠮᠦᠰᠦᠭᠦᠯᠴᠢᠭᠡᠭᠡᠳ

ᠦᠷᠦᠭᠡ ᠭᠡᠷ ᠲᠡᠭᠡᠨ ᠡᠷᠭᠡᠯᠡᠭᠡᠳ ᠪᠠᠢ᠌ᠳᠠᠭ

            ᠶᠠᠮᠠᠷ ᠬᠠᠢ᠌ᠷ᠎ᠠ ᠲᠡᠶ ᠠᠪᠣᠭᠠᠢ ᠪᠣᠢ ︕

ᠠᠪᠠᠬᠠᠢ ᠪᠠᠨ

ᠵᠠᠭᠤᠨ ᠲᠦᠮᠡᠳᠤ ᠶᠢᠨ ᠳᠡᠷᠭᠡᠨ ᠳᠡᠭᠡᠨ ᠳᠠᠳᠠᠭᠠᠤᠨ

ᠨᠠᠰᠢ ᠴᠠᠰᠢ ᠳᠠᠪᠭᠢᠭᠤᠯᠬᠤ ᠡᠴᠠ

ᠳᠡᠷᠭᠡᠨ ᠡᠴᠠ ᠪᠠᠨ ᠪᠠᠭᠤᠯᠭᠠᠳᠠᠭ ᠥᠭᠡᠢ

             ᠶᠠᠮᠠᠷ ᠬᠤᠪᠢᠠᠴᠢᠷ ᠠᠪᠣᠭᠠᠢ ᠪᠣᠢ ︕

ᠠᠪᠠᠬᠠᠢ ᠪᠠᠨ

ᠭᠤᠤᠯ ᠵᠡᠭᠡᠯᠢ

ᠨᠠᠷᠠᠳᠤ ᠳᠡᠯᠭᠡᠭᠦᠷ ᠪᠠᠷ ᠳᠠᠭᠠᠭᠤᠯᠬᠤ ᠡᠴᠠ

ᠳᠤᠷ᠎ᠠ ᠪᠠᠷ ᠨᠢ ᠶᠠᠪᠣᠭᠤᠯᠳᠠᠭ ᠥᠭᠡᠢ

            ᠶᠠᠮᠠᠷ ᠬᠠᠷᠠᠮᠴᠢ ᠠᠪᠣᠭᠠᠢ ᠪᠣᠢ ︕

ᠠᠪᠣᠬᠠᠢ ᠳ᠋ᠠᠭᠠᠨ

ᠠᠯᠳᠠ ᠮᠦᠩᠭᠦ ᠵᠢ

ᠠᠷᠪᠠᠨ ᠬᠤᠷᠤᠭᠤ ᠴᠠᠷᠪᠠᠭᠤ

ᠨᠠᠷᠢᠨ ᠰᠢᠯᠪᠢ ᠡᠴᠠ

ᠭᠦᠵᠦᠭᠦᠤ ᠭᠦᠷᠳᠡᠯ᠎ᠡ ᠭᠢᠯᠳᠠᠭᠠᠨᠠᠭᠤᠯᠵᠤ

ᠳᠠᠨᠢᠯ ᠳᠠᠰᠤᠯ ᠳ᠋ᠡᠭᠡᠨ ᠥᠵᠡᠭᠦᠯᠦᠭᠡᠳ ᠭᠠᠷᠳᠠᠭ

                 ᠶᠠᠮᠠᠷ ᠰᠤᠷᠳᠤᠭᠤ ᠲᠡᠶ ᠠᠪᠣᠭᠠᠢ ᠪᠣᠢ ︕

ᠠᠮᠳᠠᠳᠤ ᠨᠣᠢ᠌ᠷ ᠡᠴᠠ ᠪᠠᠨ ᠰᠡᠷᠢᠭᠡᠳ

ᠣᠨᠢᠰᠤᠳᠤ ᠵᠤᠰᠠᠯᠠᠩ ᠤᠨ ᠦᠷᠦᠭᠡᠨ ᠳ᠋ᠤ

ᠡᠭᠡ ᠡᠴᠠ ᠭᠠᠷᠤᠮ᠎ᠠ ᠪᠣᠯᠤᠭᠠᠤᠨ

ᠠᠪᠠᠬᠠᠢ ᠡ ︕ ᠠᠪᠠᠬᠠᠢ ᠡ ︕ ᠭᠡᠳ

                  ᠮᠤᠯᠣᠢ᠌ᠭᠰᠠᠨ

           ᠶᠠᠮᠠᠷ ᠨᠣᠢ᠌ᠷ ᠲᠡᠶ ᠠᠪᠣᠭᠠᠢ ᠪᠣᠢ ︕


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12270
ᠴᠠᠭ᠄ 2012 ᠤᠨ ᠤ 03 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ