ᠨᠡᠪᠲᠡᠷᠡᠨ ᠤᠷᠤᠬᠤ
ᠪᠦᠰᠡᠭᠦᠢᠴᠦᠦᠯ ᠳᠤ ᠭᠡᠯᠡᠭᠦ ᠥᠭᠡ

ᠮᠤᠩᠭ᠋ᠤᠯ ᠪᠦᠰᠡᠭᠦᠢᠴᠦᠦᠯ ᠳᠤ ᠠᠪᠴᠤ ᠭᠡᠯᠡᠪᠠᠯ ᠦᠷ ᠶᠢᠡᠷ ᠪᠣᠰᠴᠤ ᠦᠨᠢᠶ᠎ᠡ ᠰᠠᠭᠠᠭᠠᠬᠤ᠂ ᠦᠷᠯᠦᠭᠡ ᠶᠢᠨ ᠴᠠᠢ ᠪᠠᠨ ᠴᠢᠨᠠᠬᠤ᠂ ᠠᠷᠭᠠᠯ ᠲᠦᠯᠠᠰᠢ ᠪᠠᠨ ᠣᠷᠤᠭᠤᠯᠬᠤ ᠁ ᠡᠳᠡᠭᠡᠷ ᠨᠢ ᠭᠦᠳᠡᠭᠡ ᠨᠤᠳᠤᠭ ᠤᠨ ᠮᠤᠩᠭ᠋ᠤᠯ ᠪᠦᠰᠡᠭᠦᠢᠴᠦᠦᠯ ᠤᠨ ᠬᠠᠮᠤᠭ ᠨᠠᠭᠠᠳᠤ ᠵᠠᠬ᠎ᠠ ᠶᠢᠨ ᠭᠢᠪᠠᠰᠤ ᠵᠤᠭᠢᠬᠤ ᠠᠵᠢᠯ ᠶᠤᠮ᠂ ᠨᠠᠩ ᠴᠢᠨᠠᠭᠰᠢᠯᠠᠭᠠᠤᠨ ᠵᠠᠷᠢᠮ ᠨᠢ ᠮᠤᠷᠢᠨ ᠳᠤ ᠮᠤᠷᠳᠠᠭᠠᠤᠨ ᠥᠭᠡᠷ ᠬᠤᠨᠢᠨ ᠳᠤ ᠪᠠᠨ ᠶᠠᠪᠣᠬᠤ ᠴᠤ ᠪᠠᠢ᠌ᠳᠠᠭ᠃ ᠡᠢ᠌ᠮᠤ ᠪᠦᠰᠡᠭᠦᠢᠴᠦᠦᠯ ᠢ ᠪᠢᠳᠠ ᠠᠵᠢᠯᠴᠢ ᠪᠦᠰᠡᠭᠦᠢ ᠭᠡᠮᠡᠨ ᠭᠦᠡᠳᠦᠳᠭᠡᠳᠡᠭ᠌᠂ ᠬᠠᠷᠢᠨ ᠡᠷᠦᠭᠡ ᠭᠡᠷ ᠤᠨ ᠪᠣᠭᠤᠯ ᠭᠡᠵᠤ ᠦᠵᠡᠵᠤ ᠪᠣᠯᠬᠤ ᠦᠭᠡᠶ᠃ ᠬᠤᠳᠠ ᠳᠤ ᠰᠠᠭᠤᠭ᠎ᠠ ᠮᠤᠩᠭ᠋ᠤᠯ ᠪᠦᠰᠡᠭᠦᠢᠴᠦᠦᠯ ᠬᠠᠷᠢᠨ ᠵᠢᠷᠭᠠᠯ ᠲᠡᠶ ᠪᠠᠢ᠌ᠨ᠎ᠡ᠂ ᠡᠷᠡᠭ᠍ᠳᠡᠢ᠌ᠴᠦᠳ ᠲᠡᠶ ᠡᠭᠡᠭᠡ ᠠᠳᠠᠯᠢᠬᠠᠨ ᠳᠤᠭᠢᠯᠢᠭ ᠠᠵᠢᠯ ᠤᠨ ᠪᠠᠢ᠌ᠷᠢ ᠲᠡᠶ᠂ ᠴᠠᠯᠢᠩ ᠭᠦᠯᠦᠰᠤ ᠴᠤ ᠭᠡᠨ ᠡᠴᠠ ᠴᠤ ᠳᠤᠳᠠᠬᠤ ᠦᠭᠡᠶ᠂ ᠭᠡᠷ ᠲᠤ ᠪᠠᠨ ᠭᠢᠮᠠᠷ ᠠᠵᠢᠯ ᠭᠡᠪᠠᠯ ᠬᠤᠭᠤᠯᠠ ᠭᠢᠵᠤ ᠭᠡᠷ ᠴᠡᠪᠠᠷᠯᠡᠭᠦ ᠳᠠᠳᠤᠢ᠂ ᠵᠠᠷᠢᠮ ᠨᠢ ᠡᠭᠦᠨ ᠢ ᠪᠠᠨ ᠴᠤ ᠡᠷ᠎ᠡ ᠨᠥᠭᠦᠷ ᠲᠤ ᠪᠠᠨ 《ᠪᠠᠯᠡᠭ᠌》 ᠪᠠᠷᠢᠳᠠᠭ᠃ ᠦᠪᠡᠷ ᠶᠢᠡᠨ ᠬᠠᠷᠢᠨ ᠨᠸᠲ᠋ ᠲᠤ ᠰᠠᠭᠠᠳᠤᠨ ᠵᠥᠴᠦᠭᠡ ᠦᠵᠡᠵᠤ ᠳᠤᠭᠯᠠᠭᠠᠮ ᠨᠠᠭᠠᠳᠬᠤ ᠪᠣᠶᠤ ᠪᠦᠷᠭᠡ ᠪᠠᠨ ᠨᠡᠭᠡᠭᠡᠵᠤ ᠪᠢᠴᠢᠭᠡᠰᠤ ᠣᠩᠰᠢᠨ᠎ᠡ᠃ ᠢᠩᠭᠢᠭᠡᠳ ᠪᠠᠰᠠ ᠬᠠᠨᠤᠬᠤ ᠦᠭᠡᠶ ᠡᠷᠭᠡ ᠴᠢᠯᠦᠭᠡ ᠦᠭᠡᠶ ᠪᠠᠢ᠌ᠨ᠎ᠡ ᠭᠡᠵᠤ ᠭᠤᠮᠤᠳᠠᠯ ᠳᠤᠭᠠᠴᠠᠨ᠎ᠡ ︖ ᠮᠢᠨᠤ ᠥᠵᠡᠭᠦ ᠪᠠᠷ ᠡᠷᠭᠡ ᠴᠢᠯᠦᠭᠡ ᠨᠢ ᠭᠡᠳᠦᠷᠡᠭᠡᠳ ᠭᠢᠳᠠᠯ ᠠᠯᠳᠠᠵᠤ ᠪᠠᠢ᠌ᠨ᠎ᠡ᠃

ᠡᠷᠭᠡ ᠴᠢᠯᠦᠭᠡ ᠭᠡᠳᠡᠭ᠌ ᠨᠢ ᠴᠤᠬᠤᠮ ᠶᠠᠭᠤ ᠶᠢ ᠵᠢᠭᠠᠵᠤ ᠪᠠᠢ᠌ᠭ᠎ᠠ ᠶᠤᠮ ᠪᠣᠯ ︖ ᠡᠷ᠎ᠡ ᠨᠥᠭᠦᠷ ᠲᠤ ᠪᠠᠨ ᠬᠤᠭᠤᠯᠠ ᠣᠮᠳᠠ ᠶᠢ ᠨᠢ ᠪᠠᠵᠠᠭᠠᠵᠤ᠂ ᠦᠷ᠎ᠡ ᠬᠡᠦᠬᠡᠳ ᠶᠢᠡᠨ ᠬᠠᠮᠢᠶᠠᠷᠠᠵᠤ᠂ ᠭᠡᠷ ᠤᠨ ᠠᠷ ᠰᠠᠷ ᠠᠵᠢᠯ ᠶᠢᠡᠨ ᠭᠢᠵᠤ ᠪᠠᠢ᠌ᠬᠤ ᠁ ᠨᠢ ᠡᠷᠭᠡ ᠴᠢᠯᠦᠭᠡ ᠪᠠᠨ ᠠᠯᠳᠠᠭᠰᠠᠨ ᠢᠯᠠᠷᠠᠯ ᠦᠦ ︖ ᠡᠰᠡᠭᠦᠯ᠎ᠡ ᠠᠷᠢᠭᠢᠨ ᠪᠠᠭᠠᠷ᠂ ᠪᠦᠵᠢᠭ᠌ ᠤᠨ ᠳᠠᠩᠭᠢᠮ ᠳᠤ ᠰᠠᠭᠠᠳᠤᠨ ᠭᠠᠩᠭ᠋ᠠᠩ ᠵᠠᠯᠠᠭᠤᠰ ᠲᠡᠶ ᠵᠤᠭᠤᠭᠳᠠᠵᠤ ᠰᠠᠭᠤᠬᠤ ᠁ ᠨᠢ ᠡᠷᠭᠡ ᠴᠢᠯᠦᠭᠡ ᠲᠡᠶ ᠶᠢᠨ ᠢᠯᠠᠷᠠᠯ ᠶᠤᠮ ᠦᠦ ︖ ᠡᠷᠭᠡ ᠴᠢᠯᠦᠭᠡ ᠭᠡᠳᠦᠷᠡᠪᠠᠯ ᠭᠠᠢ ᠵᠦᠪᠠᠯᠡᠭ᠌ ᠪᠣᠯᠵᠤ ᠮᠠᠳᠠᠨ᠎ᠡ ᠰᠢᠤ᠃ ᠪᠦᠰᠡᠭᠦᠢ ᠭᠦᠮᠤᠨ ᠤ ᠵᠢᠷᠭᠠᠯ ᠭᠡᠪᠠᠯ ᠰᠠᠢ᠌ᠬᠠᠨ ᠭᠡᠷ ᠪᠦᠯᠢ ᠲᠡᠶ᠂ ᠰᠠᠢ᠌ᠨ ᠡᠷ᠎ᠡ ᠨᠥᠭᠦᠷ ᠲᠡᠶ᠂ ᠴᠤᠪᠣᠭᠤ ᠳᠡᠭ᠍ᠵᠢᠨ ᠬᠡᠦᠬᠡᠳ ᠲᠡᠶ ᠭᠡᠯᠡᠯᠭᠡᠨ ᠦᠭᠡᠶ ᠪᠠᠰᠠ ᠨᠢᠭᠡᠨ ᠳᠤᠭᠢᠯᠢᠭ ᠠᠵᠢᠯ ᠣᠢ᠌ᠯᠠᠰ ᠲᠡᠶ᠂ ᠡᠭᠦᠨ ᠡᠴᠠ ᠥᠭᠡᠷ᠎ᠡ ᠶᠠᠮᠠᠷ ᠵᠢᠷᠭᠠᠯ ᠢ ᠡᠳ᠋ᠯᠡᠭᠦ ᠶᠤᠮ ᠪᠣᠯ ︖ ᠭᠡᠷᠪᠡ ᠡᠳᠡᠭᠡᠷ ᠵᠣᠢ᠌ᠯᠠᠰ ᠤᠨ ᠠᠯᠢ ᠨᠢ ᠴᠤ ᠦᠭᠡᠶ ᠶᠤᠮ ᠪᠣᠯ ᠪᠦᠰᠡᠭᠦᠢ ᠭᠦᠮᠤᠨ ᠴᠡᠩᠭᠡᠯ ᠶᠢᠡᠨ ᠠᠯᠳᠠᠬᠤ ᠨᠢ ᠳᠠᠮᠵᠢᠭ ᠦᠭᠡᠶ᠃ ᠡᠷ᠎ᠡ ᠨᠥᠭᠦᠷ ᠶᠢᠡᠨ ᠬᠠᠢ᠌ᠷᠠᠯᠠᠵᠤ᠂ ᠭᠦᠡᠳᠦᠯᠡᠵᠤ ᠶᠠᠪᠣᠪᠠᠯ ᠡᠷ᠎ᠡ ᠨᠥᠭᠦᠷ ᠴᠢᠨᠢ ᠴᠤ ᠴᠢᠮ᠎ᠠ ᠶᠢ ᠪᠠᠨ ᠨᠢᠳᠤᠨ ᠤ ᠪᠠᠨ ᠴᠡᠴᠭᠡᠢ ᠰᠢᠭ᠌ ᠬᠠᠢ᠌ᠷᠠᠯᠠᠵᠤ ᠪᠣᠳᠤᠬᠤ ᠶᠤᠮ᠂ ᠡᠭᠦᠨ ᠤ ᠡᠰᠡᠷᠭᠦ ᠪᠠᠷ ᠦᠪᠡᠷ ᠤᠨ ᠪᠠᠶ᠎ᠠ ᠪᠠᠨ ᠰᠠᠷᠠᠨ ᠳᠠᠭᠢᠨᠢ ᠭᠡᠮᠡᠨ ᠡᠷᠭᠢᠮᠯᠡᠵᠤ ᠵᠥᠪᠭᠡᠨ ᠦᠪᠡᠷ ᠢ ᠪᠠᠨ ᠪᠣᠳᠤᠵᠤ ᠡᠷ᠎ᠡ ᠨᠥᠭᠦᠷ ᠲᠤ ᠪᠠᠨ ᠶᠠᠮᠠᠷ ᠴᠤ ᠬᠠᠢ᠌ᠷ᠎ᠠ ᠬᠠᠯᠠᠮᠵᠢᠯᠠᠯ ᠦᠭᠡᠶ ᠠᠳᠠᠭ ᠲᠤ ᠪᠠᠨ ᠴᠠᠭ ᠤᠨ ᠬᠤᠭᠤᠯᠠ ᠶᠢ ᠨᠢ ᠬᠤᠮᠰᠠᠳᠠᠭᠤᠯᠳᠠᠭ ᠪᠦᠰᠡᠭᠦᠢᠴᠦᠦᠯ ᠡᠷ᠎ᠡ ᠨᠥᠭᠦᠷ ᠡᠴᠠ ᠪᠠᠨ ᠶᠠᠮᠠᠷ ᠬᠠᠢ᠌ᠷ᠎ᠠ ᠶᠢ ᠭᠦᠰᠡᠭᠦ ᠪᠢᠯᠠ ︖ ᠡᠷ᠎ᠡ ᠭᠦᠮᠤᠨ ᠳᠤ ᠠᠪᠴᠤ ᠭᠡᠯᠡᠪᠠᠯ ᠭᠡᠷ ᠲᠤ ᠪᠠᠨ ᠣᠷᠤᠭᠠᠤᠨ ᠢᠷᠠᠪᠠᠯ ᠬᠠᠢ᠌ᠷᠠᠳᠤ ᠡᠭᠡᠨᠡᠷ ᠤᠨ ᠶᠢᠡᠨ ᠪᠠᠵᠠᠭᠠᠭᠰᠠᠨ ᠬᠠᠯᠠᠭᠤᠨ ᠬᠤᠭᠤᠯᠠ ᠶᠢ ᠳᠠᠪᠠᠳᠠᠢ ᠠᠮᠳᠠᠷᠬᠠᠨ ᠰᠠᠭᠤᠬᠤ ᠨᠢ ᠳᠡᠭᠡᠳᠤ ᠵᠢᠷᠭᠠᠯ᠃ ᠪᠣᠭᠳᠤᠯᠠᠵᠤ ᠠᠪᠣᠭᠰᠠᠨ ᠡᠭᠡᠨᠡᠷ ᠶᠢᠡᠨ ᠰᠠᠨᠠᠬᠤ ᠦᠭᠡᠶ ᠡᠷ᠎ᠡ ᠬᠤᠪᠣᠷ᠂ ᠣᠯᠠᠩᠭᠢ ᠳᠤ ᠪᠠᠨ ᠰᠠᠨᠠᠭᠳᠠᠭᠰᠠᠭᠠᠷ ᠪᠠᠢ᠌ᠵᠤ ᠳᠡᠩᠳᠡᠭᠦᠤ ᠡᠷᠭᠡ ᠴᠢᠯᠦᠭᠡ ᠲᠡᠶ ᠪᠣᠯᠵᠤ ᠡᠴᠦᠰ ᠲᠤ ᠡᠷ᠎ᠡ ᠳᠤ ᠪᠠᠨ ᠭᠤᠯᠤᠭᠳᠠᠵᠤ ᠵᠤᠯ ᠵᠢᠷᠭᠠᠯ ᠶᠢᠡᠨ ᠠᠯᠳᠠᠭᠰᠠᠨ ᠪᠦᠰᠡᠭᠦᠢᠴᠦᠦᠯ ᠪᠠᠭ᠎ᠠ ᠦᠭᠡᠶ᠃

ᠵᠠᠷᠢᠮ ᠪᠦᠰᠡᠭᠦᠢᠴᠦᠦᠯ ᠡᠷ᠎ᠡ ᠭᠦᠮᠤᠨ ᠢ ᠳᠦᠰᠢᠭᠦ ᠦᠭᠡᠶ ᠭᠡᠭᠦ ᠪᠣᠶᠤ ᠪᠠᠶ᠎ᠠ ᠪᠠᠨ ᠳᠠᠭᠠᠭᠠᠵᠤ ᠠᠮᠢᠳᠤᠷᠠᠨ᠎ᠡ ᠭᠡᠮᠡᠵᠤ ᠶᠠᠮᠠᠷ ᠣᠴᠢᠷ ᠲᠤ ᠴᠤ ᠭᠡᠰᠡᠨ ᠡᠷ᠎ᠡ ᠨᠥᠭᠦᠷ ᠡᠴᠠ ᠪᠠᠨ ᠴᠤ ᠴᠢᠩᠭ᠋᠎ᠠ ᠡᠷ᠎ᠡ ᠭᠦᠮᠤᠨ ᠰᠢᠭ᠌ ᠪᠠᠢ᠌ᠵᠤ ᠶᠤᠰᠤᠳᠠᠢ 《ᠡᠷᠡᠮᠡᠭ᠌ ᠭᠡᠭᠦᠤ》 ᠰᠢᠭ᠌ ᠲᠤᠢ᠌ᠯᠠᠵᠤ ᠶᠠᠪᠣᠭ᠎ᠠ ᠨᠢ ᠠᠮᠢᠳᠤᠷᠠᠯ ᠳᠤ ᠡᠵᠡᠨ ᠮᠠᠳᠠᠵᠤ ᠪᠠᠶ᠎ᠠ ᠪᠠᠨ ᠳᠠᠭᠠᠭᠠᠵᠤ ᠠᠮᠢᠳᠤᠷᠠᠵᠤ ᠪᠠᠢ᠌ᠨ᠎ᠡ ᠭᠡᠵᠤ ᠪᠣᠳᠤᠵᠤ ᠪᠠᠢ᠌ᠭ᠎ᠠ ᠶᠤᠮ ᠦᠦ ︖ ᠪᠦᠰᠡᠭᠦᠢᠴᠦᠦᠯ ᠭᠡᠰᠡᠨ ᠴᠤ ᠡᠷᠡᠴᠦᠦᠯ ᠭᠡᠰᠡᠨ ᠴᠤ ᠭᠡᠨ ᠨᠢ ᠭᠡᠨ ᠢ ᠪᠠᠨ ᠳᠦᠰᠢᠭᠦ ᠦᠭᠡᠶ ᠭᠡᠰᠡᠨ ᠣᠴᠢᠷ ᠦᠭᠡᠶ᠂ ᠪᠠᠶ᠎ᠠ ᠪᠠᠶ᠎ᠠ ᠪᠠᠨ ᠲᠦᠰᠢᠮᠠᠠᠵᠢᠨ ᠰᠠ‍‌ᠶᠢ ᠰᠠᠢ᠌ᠬᠠᠨ ᠠᠮᠢᠳᠤᠷᠠᠯ ᠪᠣᠰᠳᠠᠭ ᠣᠴᠢᠷ ᠲᠡᠶ᠃

ᠵᠤᠯ ᠵᠢᠷᠭᠠᠯ᠂ ᠡᠷᠭᠡ ᠴᠢᠯᠦᠭᠡ ᠭᠡᠳᠡᠭ᠌ ᠨᠢ ᠭᠦᠮᠦᠰ ᠤᠨ ᠦᠵᠡᠯ ᠰᠠᠨᠠᠭᠠᠨ ᠳ᠋ᠠᠭᠢ ᠰᠠᠭᠤᠭᠳᠠᠯ ᠶᠤᠮ᠃ ᠵᠤᠪᠠᠯᠠᠩ ᠡᠳ᠋ᠯᠡᠭᠦ ᠦᠭᠡᠶ ᠪᠣᠯ ᠵᠢᠷᠭᠠᠯ ᠢ ᠮᠡᠳᠡᠷᠡᠭᠦ ᠦᠭᠡᠶ᠂ ᠡᠷᠭᠡ ᠴᠢᠯᠦᠭᠡ ᠭᠡᠳᠦᠷᠡᠪᠠᠯ ᠡᠷᠭᠡ ᠴᠢᠯᠦᠭᠡ ᠪᠠᠨ ᠠᠯᠳᠠᠳᠠᠭ ᠭᠡᠳᠡᠭ᠌ ᠢ ᠴᠡᠭᠡᠵᠢᠯᠡᠵᠤ ᠶᠠᠪᠣᠭᠠᠷᠠᠢ ᠬᠠᠢ᠌ᠷᠠᠳᠤ ᠪᠦᠰᠡᠭᠦᠢᠴᠦᠦᠯ ᠮᠢᠨᠢ ︕


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠳᠡᠭᠡᠳᠤ ᠰᠤᠷᠭᠠᠭᠤᠯᠢ

ᠵᠤᠬᠢᠶᠠᠭᠴᠢ᠄ ᠰᠤᠬᠤᠷ ᠪᠣᠷᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6184
ᠴᠠᠭ᠄ 2011 ᠤᠨ ᠤ 06 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ