ᠨᠡᠪᠲᠡᠷᠡᠨ ᠤᠷᠤᠬᠤ
ᠴᠢ ᠁

ᠨᠢᠭᠡ


ᠬᠠᠪᠣᠷ ᠤᠨ ᠴᠡᠩᠭᠡᠷ ᠣᠷᠢ ᠪᠣᠯᠵᠤ

ᠴᠢ

ᠬᠠᠳᠠᠨ ᠤ ᠳᠡᠭᠡᠭᠦᠷ ᠣᠷᠤᠰᠴᠤ ᠢᠷᠡᠭ᠍ᠰᠡᠨ ᠶᠤᠮ

ᠣᠷᠤᠰᠴᠤ ᠢᠷᠡᠭ᠍ᠰᠡᠨ ᠶᠤᠮ

ᠵᠤᠨ ᠤ ᠨᠤᠭᠤᠭᠠᠨ ᠵᠡᠷᠭᠡᠯᠭᠡᠨ ᠪᠣᠯᠵᠤ

ᠪᠢ

ᠬᠠᠯᠠᠭᠤᠨ ᠣᠷᠤᠭᠤᠯ ᠢ ᠴᠢᠨᠢ ᠥᠨᠦᠰᠭᠦ ᠪᠠᠷ ᠣᠴᠢᠭᠰᠠᠨ ᠶᠤᠮ

ᠬᠠᠷᠠᠮᠰᠠᠵᠤ ᠪᠣᠴᠠᠭᠰᠠᠨ ᠶᠤᠮ


ᠬᠤᠶᠠᠷ


ᠠᠮᠢ ᠨᠠᠰᠤᠨ ᠤ ᠲᠦᠮᠡᠨ ᠡᠰ ᠭᠦᠪᠦᠷᠡᠵᠤ

ᠡᠪᠠᠰᠤ ᠮᠤᠳᠤᠨ ᠤ

ᠠᠮᠢᠳᠤ ᠱᠤᠤᠭᠢᠶ᠎ᠠ ᠳᠤᠭᠤᠯᠳᠠᠨ᠎ᠠ

ᠢᠨᠠᠭ ᠬᠠᠢ᠌ᠷ᠎ᠠ ᠶᠢᠨ ᠡᠷᠳᠡᠨ ᠤ ᠥᠯᠢᠭᠡᠷ ᠶᠠᠷᠢᠭᠳᠠᠵᠤ

ᠠᠶ᠎ᠠ ᠳᠠᠭᠤᠨ ᠤ

ᠭᠤᠨᠢᠭᠳᠤ ᠡᠭᠡᠰᠢᠭ᠌ ᠢ ᠴᠢᠪᠬᠠᠳᠠᠨ᠎ᠠ


ᠭᠤᠷᠪᠠ


ᠴᠢ

ᠬᠤᠯᠠ ᠨᠢᠰᠭᠦ ᠰᠢᠪᠠᠭᠤ ᠪᠠᠢ᠌ᠵᠤ ᠮᠠᠳᠠᠨ᠎ᠠ

ᠡᠰᠡᠭᠦᠯ᠎ᠡ

ᠬᠤᠷᠸ᠎ᠠ ᠳᠤ ᠡᠳ᠋ᠯᠡᠭᠦ ᠵᠢᠷᠭᠠᠯ ᠪᠠᠢ᠌ᠵᠤ ᠴᠤ ᠮᠠᠳᠠᠨ᠎ᠠ


ᠳᠦᠷᠪᠡ


ᠠᠮᠠᠷᠠᠭ ᠨᠢᠳᠤ ᠪᠠᠷ ᠴᠢᠮᠢ᠋ᠢ ᠰᠢᠷᠳᠡᠭᠦ ᠳ᠋ᠤ

ᠴᠢ

ᠢᠰᠪᠠᠯᠵᠡᠭ᠍ᠰᠡᠨ ᠬᠠᠴᠠᠷ ᠡᠴᠡ ᠴᠢᠨᠢ

ᠦᠨᠦᠷᠳᠤ ᠰᠠᠷᠭᠠᠢ ᠳᠡᠯᠭᠡᠷᠡᠭ᠍ᠰᠡᠨ ᠪᠠᠢ᠌ᠪᠠ

ᠠᠯᠢᠶᠠᠬᠠᠨ ᠬᠠᠷᠠᠴᠠ ᠪᠠᠷ ᠴᠢᠮᠢ᠋ᠢ ᠰᠢᠷᠳᠡᠭᠦ ᠳ᠋ᠤ

ᠴᠢ

ᠠᠭᠤᠷᠯᠠᠭᠰᠠᠨ ᠪᠠᠢ᠌ᠪᠠ

ᠠᠭᠤᠷᠯᠠᠭᠰᠠᠨ ᠭᠠᠵᠠᠷ ᠡᠴᠡ ᠴᠢᠨᠢ

ᠥᠷᠦᠭᠡᠰᠦᠳᠤ ᠭᠡᠮᠭᠡ ᠵᠡᠯᠡᠯᠡᠭ᠍ᠰᠡᠨ ᠪᠠᠢ᠌ᠪᠠ


ᠳᠠᠪᠣ


ᠴᠢᠨᠤ ᠮᠥᠩᠭᠡ ᠶᠢᠨ ᠨᠢᠭᠡ ᠳᠠᠯᠪᠢ

ᠴᠠᠭ ᠲᠠᠭᠠᠨ ᠭᠡᠵᠢᠶᠡᠳᠡ ᠵᠤᠯᠭᠠᠷᠠᠬᠤ ᠦᠭᠡᠶ᠂

ᠵᠢᠯ ᠤᠨ ᠳᠦᠷᠪᠡᠨ ᠣᠯᠠᠷᠢᠯ

ᠰᠤᠳᠠᠰᠤ ᠪᠦᠭᠦᠨ ᠶᠢᠡᠷ ᠴᠢᠨᠢ ᠭᠦᠷᠪᠦᠭᠡᠨᠡᠵᠤ

ᠵᠤᠯ ᠵᠢᠷᠭᠠᠯ ᠣᠢ᠌ᠷᠠᠳᠤᠬᠤ ᠴᠤ ᠰᠢᠭ

ᠬᠤᠯᠠᠳᠠᠬᠤ ᠴᠤ ᠰᠢᠭ ᠁


ᠵᠢᠷᠭᠤᠭ᠎ᠠ


ᠪᠠᠶᠠᠨ ᠭᠤᠪᠢ ᠶᠢᠨ ᠨᠠᠮᠤᠷ ᠣᠳᠠᠯ ᠦᠭᠡᠶ ᠢᠷᠠᠨ᠎ᠠ

ᠪᠠᠢ᠌ᠭᠠᠯᠢ ᠶᠢᠨ ᠥᠩᠭᠡ ᠪᠣᠳᠤᠭ

ᠠᠶᠠᠠᠳᠠᠭᠠᠨ ᠰᠤᠯᠢᠭᠳᠠᠨ᠎ᠠ

ᠣᠶᠠᠩᠭ᠋ᠠᠷᠠᠵᠤ ᠳᠤᠭᠳᠤᠯᠤᠭᠰᠠᠨ ᠰᠠᠤᠠᠭᠢᠯ ᠤᠨ ᠮᠦᠴᠢᠷ ᠤᠳ ᠰᠢᠷᠠᠯᠠᠵᠤ ᠡᠭᠢᠯᠡᠨ᠎ᠡ

ᠣᠬᠠᠭ᠎ᠠ ᠰᠠᠭᠤᠭᠰᠠᠨ ᠨᠠᠰᠤᠨ ᠤ ᠨᠠᠮᠤᠷ ᠶᠢᠡᠨ

ᠡᠷᠭᠡ ᠦᠭᠡᠶ ᠣᠭᠳᠤᠨ᠎ᠠ


ᠳᠤᠯᠤᠭ᠎ᠠ


ᠲ᠋ᠤᠮᠤᠭ ᠤᠨ ᠪᠠᠭᠠᠳᠤᠷ ᠰᠢᠭ ᠳᠠᠢ᠌ᠮᠤ ᠡᠷ᠎ᠡ

ᠲ᠋ᠡᠯᠡᠭᠡᠢ ᠳᠤ ᠬᠠᠮᠢᠭ᠎ᠠ ᠡᠴᠡ ᠣᠯᠳᠠᠬᠤ ᠪᠣᠢ ᠳ᠋ᠠ

ᠲ᠋ᠤᠷᠠᠯᠠᠯ ᠪᠠ ᠭᠡᠢ᠌ᠷᠭᠡᠯ ᠪᠦᠭᠦᠨ ᠴᠢᠨᠢ ᠳᠠᠷᠠ ᠦᠶᠡᠰ

ᠲ᠋ᠤᠳᠠᠭᠤ ᠨᠢᠰᠦᠭ᠍ᠰᠡᠨ ᠡᠯᠢᠶᠡᠨ ᠤ ᠰᠡᠭᠦᠳᠡᠷ ᠰᠢᠭ᠌ ᠭᠠᠵᠠᠷᠳᠠᠨ᠎ᠠ

ᠨᠢ᠋ᠮᠠ


ᠨᠠᠳᠠᠳᠤ ᠭᠡᠯᠡᠵᠤ ᠠᠮᠵᠢᠭ᠎ᠠ ᠦᠭᠡᠶ ᠥᠭᠡ ᠴᠢᠨᠢ

ᠨᠠᠰᠤᠨ ᠤ ᠰᠢᠷᠬ᠎ᠠ ᠪᠣᠯᠵᠤ

ᠴᠢᠮᠠᠳᠤ ᠦᠯᠠᠳᠠᠨ᠎ᠠ

ᠨᠠᠷᠠ ᠰᠠᠯᠭᠢᠨ ᠤ ᠡᠯᠡᠭᠡᠯᠳᠡ ᠳ᠋ᠤ

ᠪᠢᠳᠠ ᠴᠤᠭ ᠲᠠᠭᠠᠨ ᠦᠳᠡᠯᠤᠨ᠎ᠠ


ᠶ‍ᠢᠰᠤ


ᠨᠢᠭᠤᠷ ᠤᠨ ᠳᠤᠯᠪᠣ ᠨᠢᠭᠡ ᠬᠤᠶᠠᠷ ᠶᠢᠡᠷ ᠨᠡᠮᠡᠭ᠍ᠳᠡᠭᠦ ᠳ᠋ᠤ

ᠨᠢᠭᠤᠴᠠ ᠪᠦᠭᠦᠨ ᠢᠯᠠ ᠪᠣᠯᠵᠤ ᠳᠤᠳᠤᠷᠠᠨ᠎ᠠ

ᠨᠠᠪᠴᠢ ᠬᠦᠷᠪᠤᠢᠵᠤ᠂   ᠴᠡᠴᠡᠭ᠌ ᠵᠤᠯᠭᠠᠷᠠᠬᠤ ᠡᠴᠡ ᠨᠠᠭᠠᠰᠢ

ᠨᠠᠮᠢ᠋ᠢ ᠳᠠᠨᠢᠬᠤ ᠣᠴᠢᠷ ᠦᠭᠡᠶ ᠭᠡᠵᠢ ᠦᠦ ᠳ᠋ᠠ

ᠴᠢ ᠁

ᠵᠤᠬᠢᠶᠠᠭᠴᠢ᠄ ᠴ·ᠪᠠᠶᠠᠰᠤᠯ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3418
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ