ᠨᠡᠪᠲᠡᠷᠡᠨ ᠤᠷᠤᠬᠤ
ᠭᠡᠷᠭᠡᠢ ᠮᠢᠨᠢ

      ᠭᠡᠷᠭᠡᠢ ᠮᠢᠨᠢ

                

        ᠨᠢᠭᠡ

ᠭᠡᠷᠭᠡᠢ ᠮᠢᠨᠢ ᠴᠢ

     ᠶᠠᠭᠤᠳᠠᠢ ᠰᠠᠢ᠌ᠬᠠᠨ ᠰᠢᠯᠦᠭ᠌ ᠪᠣᠢ ︖

ᠴᠢᠮ᠎ᠠ ᠶᠢ ᠣᠩᠰᠢᠬᠤ ᠳ᠋ᠤ

     ᠭᠡᠷ ᠮᠢᠨᠢ ᠪᠠᠶᠠᠰᠤᠯ ᠶᠢᠡᠷ ᠳᠦᠭᠦᠷᠡᠨ᠎ᠡ

     ᠬᠡᠦᠬᠡᠳ ᠮᠢᠨᠢ ᠵᠢᠷᠭᠠᠯ ᠶᠢᠡᠷ ᠦᠰᠦᠨ᠎ᠠ᠃

        ᠬᠤᠶᠠᠷ

ᠴᠢ ᠦᠭᠡᠶ ᠴᠠᠭ ᠲᠤ ᠪᠢ

      ᠦᠷᠦᠭᠡᠰᠤᠨ ᠵᠢᠭᠦᠷ ᠲᠡᠶ ᠰᠢᠪᠠᠭᠤ ᠪᠣᠯᠴᠢᠬᠠᠨ᠎ᠠ᠂

ᠴᠢᠮ᠎ᠠ ᠲᠡᠶ ᠪᠠᠨ ᠪᠠᠢ᠌ᠪᠠᠯ ᠪᠢ

      ᠣᠭᠳᠠᠷᠭᠤᠢ ᠡᠵᠡᠮᠳᠡᠭ᠍ᠰᠡᠨ ᠪᠦᠷᠭᠦᠤᠨ ᠬᠤᠪᠢᠯᠠᠴᠢᠬᠠᠨ᠎ᠠ᠃

        ᠭᠤᠷᠪᠠ

  ᠶᠠᠳᠠᠷᠠᠯ ᠬᠠᠮᠤᠭ ᠢ ᠮᠢᠨᠢ ᠬᠤᠪᠢᠶᠠᠯᠴᠠᠵᠤ

  ᠢᠷᠠᠯᠵᠠᠭᠰᠠᠨ ᠢᠨᠢᠶᠠᠳᠤ ᠪᠠᠷ ᠵᠢᠠᠨ

  ᠴᠠᠢ ᠪᠠᠨ ᠥᠰᠦᠯᠡᠭᠡᠳ᠂

  ᠴᠢ ᠮᠢᠨᠢ

  ᠴᠠᠭᠠᠨ ᠰᠠᠨᠠᠭ᠎ᠠ ᠪᠠᠷ ᠶᠢᠡᠨ ᠠᠯᠳᠠᠷᠰᠢᠨ᠎ᠡ᠃

        ᠳᠦᠷᠪᠡ

  ᠠᠴᠢ ᠳᠤᠰᠠ ᠶᠢᠨ ᠦᠷ᠎ᠡ ᠪᠠᠨ ᠴᠢ

  ᠠᠷᠠᠤᠨ ᠤᠨ ᠰᠡᠳᠬᠢᠯ ᠳᠤ ᠰᠤᠶᠤᠭᠠᠯᠠᠭᠤᠯᠵᠤ

  ᠣᠯᠠᠨ ᠤ ᠴᠠᠪᠠᠷ ᠰᠠᠢ᠌ᠰᠢᠶᠠᠯ ᠢ ᠴᠢ

  ᠢᠨᠢᠶᠠᠳᠤ ᠪᠠᠷ ᠶᠢᠡᠨ ᠣᠭᠳᠤᠨ ᠪᠠᠶᠠᠰᠤᠨ᠎ᠠ᠃

        ᠲ᠋ᠠᠪᠣ

  ᠠᠪᠣ ᠮᠢᠨᠢ

  ᠠᠭᠠᠷ ᠤᠨ ᠨᠠᠷᠠᠨ ᠳ᠋ᠤ

  ᠡᠭᠡᠪᠦᠷᠢᠯᠡᠵᠤ ᠰᠠᠭᠤᠨ᠎ᠠ᠂

  ᠡᠵᠢ ᠮᠢᠨᠢ

  ᠡᠷᠭᠡ ᠣᠮᠪᠣᠯᠤ ᠲᠡᠶ ᠪᠠᠨ

  ᠪᠠᠶᠠᠰᠴᠤ ᠰᠠᠭᠤᠨ᠎ᠠ᠃

  ᠡᠳᠡᠨ ᠴᠢᠨᠢ ᠪᠢᠳᠠᠨ ᠤ

       ᠬᠤᠶᠠᠷ ᠠᠮᠢᠳᠤ ᠪᠣᠷᠬᠠᠨ ᠭᠡᠭ᠍ᠴᠢ ᠵᠢ

  ᠡᠩᠭᠦᠷᠡᠢ ᠴᠢ ᠮᠢᠨᠢ ᠮᠠᠷᠳᠠᠭᠠᠤᠨ ᠦᠭᠡᠶ ᠡ ︕

         ᠵᠢᠷᠭᠤᠭ᠎ᠠ

  ᠴᠢ ᠪᠢᠳᠠᠨ ᠬᠤᠶᠠᠷ

  ᠴᠡᠩᠭᠡᠯᠳᠤ ᠨᠤᠳᠤᠭ ᠳᠠᠭᠠᠨ

  ᠰᠡᠳᠬᠢᠯ ᠶᠢᠡᠷ ᠪᠠᠶᠠᠨ ᠵᠢᠷᠭᠠᠶ᠎ᠠ

  ᠵᠢᠳᠭᠦᠯ ᠶᠢᠡᠷ ᠪᠠᠶᠠᠨ ᠠᠮᠢᠳᠤᠷᠠᠶ᠎ᠠ ︕   

        * 《ᠦᠣᠷ ᠤᠨ ᠴᠤᠯᠮᠤᠨ》 ᠊ᠤ 1995.5 ᠬᠤᠭᠤᠴᠠᠭ᠎ᠠ ᠳ᠋ᠤ



        ᠣᠬᠠᠭᠠᠨ


  ᠪᠣᠳᠤᠯ ᠰᠠᠨᠠᠭ᠎ᠠ ᠳᠦᠭᠦᠷᠡᠩ

  ᠪᠣᠳᠤᠯᠢᠶᠠᠠᠳᠠᠢ ᠨᠡᠢ᠌ᠭᠡᠮ ᠤᠨ ᠦᠷᠤ ᠳᠡᠭᠡᠷ᠎ᠡ

  ᠪᠣᠰᠤᠭ᠎ᠠ ᠳᠦᠷᠦᠭᠡ ᠪᠠᠷ ᠳᠠᠪᠭᠢᠬᠤ ᠳ᠋ᠤ

  ᠪᠢᠳᠠᠨ ᠳᠤ ᠣᠬᠠᠭᠠᠨ ᠭᠡᠷᠡᠭ᠌ ᠰᠢᠤ᠂


  ᠭᠦᠴᠢᠷ ᠤᠨ ᠵᠠᠷᠢᠮ ᠭᠦᠡᠳᠡᠢ ᠳᠤ

  ᠭᠦᠯ ᠠᠯᠳᠠᠬᠤ ᠠᠶᠤᠯ ᠪᠣᠢ᠂

  ᠭᠦᠷᠭᠦ ᠶᠢᠨ ᠬᠠᠶᠠᠭ᠎ᠠ ᠡᠷᠭᠡᠢ ᠳ᠋ᠤ

  ᠭᠦᠡᠳᠡᠯᠡᠨ ᠳᠤᠰᠬᠤ ᠵᠡᠳᠭᠡᠷ ᠪᠣᠢ᠂


  ᠠᠮᠢᠳᠤᠷᠠᠯ ᠤᠨ ᠲᠦᠯᠦᠭᠡ ᠶᠠᠪᠣᠬᠤ

  ᠠᠯᠬᠤᠳᠠᠯ ᠳᠤ ᠣᠬᠠᠭᠠᠨ ᠭᠡᠷᠡᠭ᠌ ᠶᠤᠮ

  ᠣᠢ᠌ᠯᠠᠰ ᠤᠨ ᠲᠦᠯᠦᠭᠡ ᠵᠢᠳᠭᠦᠭᠦ

  ᠣᠷᠤᠯᠳᠤᠯ ᠳᠤ ᠣᠬᠠᠭᠠᠨ ᠴᠢᠬᠤᠯᠠ ᠶᠤᠮ᠂

  ᠡᠷᠳᠡ ᠳᠡᠭᠡᠳᠤ ᠡᠴᠡ ᠨᠠᠰᠢ

  ᠣᠬᠠᠭᠠᠨ ᠢ ᠡᠷᠭᠢᠮᠯᠡᠵᠤ ᠢᠷᠡᠭ᠍ᠰᠡᠨ ᠶᠤᠮ

  ᠣᠬᠠᠭᠠᠨ ᠡᠴᠡ ᠣᠬᠠᠭᠠᠨ ᠳᠦᠷᠤᠨ᠎ᠠ ᠭᠡᠵᠤ

  ᠣᠭᠤᠷᠠᠭ ᠳᠠᠷᠢᠭᠢ ᠪᠠᠨ ᠰᠢᠪᠬᠠᠭᠰᠠᠨ ᠶᠤᠮ᠂


  ᠣᠯᠠᠨ ᠣᠬᠠᠭᠠᠨ ᠤ ᠬᠤᠷᠠᠮᠳᠠᠯ

  ᠣᠬᠠᠭᠠᠨ ᠤ ᠺᠠᠠᠳᠠ ᠪᠣᠯᠳᠠᠭ ᠶᠤᠮ᠂

  ᠡᠪ ᠲᠡᠶ ᠣᠬᠠᠭᠠᠨ ᠳᠡᠭᠡᠭᠡᠳ

  ᠣᠬᠠᠭᠠᠨ ᠤ ᠣᠭᠢ ᠪᠣᠯᠤᠭᠰᠠᠨ ᠶᠤᠮ᠃


  ᠪᠣᠷᠤᠭᠤ ᠵᠦᠪ ᠢ ᠢᠯᠭᠠᠳᠠᠭ

  ᠪᠣᠯᠪᠠᠰᠤᠨ ᠣᠬᠠᠭᠠᠨ ᠢ ᠪᠣᠢ ᠪᠣᠯᠭᠠᠵᠤ

  ᠪᠦᠳᠦᠭᠡᠯ ᠣᠢ᠌ᠯᠠᠰ ᠤᠨ ᠬᠠᠷᠭᠤᠢ ᠪᠠᠷ

  ᠪᠢᠳᠠᠨ ᠪᠦᠭᠦᠳᠡ ᠪᠠᠷ ᠶᠢᠡᠨ ᠵᠢᠳᠭᠦᠴᠡᠭᠡᠶ᠎ᠡ ︕


        * 《ᠰᠢᠠᠵᠢᠶᠠᠩ ᠤ ᠡᠳᠦᠷ ᠤᠨ ᠰᠤᠨᠢᠨ》 1997.9.7


        ᠠᠮᠳᠠᠯᠢᠭ ᠵᠢᠮᠢᠰ


  ᠰᠤᠷᠭᠠᠨ᠎ᠠ ᠭᠡᠳᠡᠭ᠌ ᠮᠤᠳᠤ ᠵᠢ

  ᠰᠤᠳᠤᠷᠴᠢ ᠪᠠᠭᠰᠢ ᠠᠰᠠᠷᠠᠨ᠎ᠠ᠃

  ᠰᠤᠷᠤᠨ᠎ᠠ ᠭᠡᠳᠡᠭ᠌ ᠵᠢᠮᠢᠰ ᠢ

  ᠰᠤᠷᠮᠠᠭᠠᠢ ᠰᠤᠷᠤᠭᠴᠢ ᠠᠮᠳᠠᠯᠠᠨ᠎ᠠ᠃

       ᠭᠦᠰᠡᠯ ᠤᠨ ᠡᠨᠡ ᠵᠢᠮᠢᠰ ᠴᠢᠨᠢ

       ᠬᠡᠦᠬᠡᠳ ᠤᠨ ᠰᠢᠮᠡᠳᠡᠭᠦ ᠭᠢᠴᠢᠶᠠᠯ ᠶᠤᠮ᠃

       ᠭᠦᠷᠭᠦ ᠰᠤᠷᠭᠤᠭ ᠪᠠᠬᠠᠷᠠᠯ ᠳ᠋ᠤᠨᠢ

       ᠭᠦᠭᠦᠷᠭᠡ ᠭᠠᠳᠤᠯᠠᠬᠤ ᠨᠢᠳᠤᠨ ᠶᠤᠮ᠃

  ᠶᠠᠭᠤ ᠪᠠᠷ ᠴᠤ ᠰᠤᠯᠢᠵᠤ ᠪᠣᠯᠳᠠᠭ ᠥᠭᠡᠢ

  ᠶᠤᠰᠤᠳᠠᠢ ᠡᠨᠡ ᠨᠢᠳᠤ ᠵᠢ

  ᠭᠢᠴᠢᠶᠠᠯ ᠪᠡᠯᠡᠳᠭᠡᠭᠦ ᠡᠴᠡ ᠬᠠᠯᠠᠰᠢᠷᠠᠳᠠᠭ ᠥᠭᠡᠢ

  ᠭᠦᠡᠳᠦᠳᠤ ᠪᠠᠭᠰᠢ ᠣᠯᠭᠤᠳᠠᠭ ᠶᠤᠮ᠃

       ᠰᠠᠮᠪᠠᠷ᠎ᠠ ᠶᠢᠨ ᠡᠮᠦᠨᠡᠭᠢ ᠭᠢᠴᠢᠶᠡᠯᠡᠯᠭᠡ ᠡᠴᠡ

       ᠰᠤᠷᠭᠠᠬᠤ ᠡᠷᠳᠡᠮ ᠡᠭᠢᠯᠡᠵᠤ

       ᠰᠢᠳᠤᠵᠤ ᠭᠦᠯᠢᠶᠡᠭᠦ ᠰᠢᠮᠠᠳᠠᠯ ᠡᠴᠡ

       ᠰᠤᠷᠬᠤ ᠶᠢᠨ ᠰᠠᠢ᠌ᠬᠠᠨ ᠪᠣᠢ᠌ᠵᠢᠳᠠᠭ ᠶᠤᠮ᠃

  ᠲ᠋ᠠᠯᠠᠢ ᠣᠯᠠᠨ ᠳᠠᠰᠬᠠᠯ

  ᠲ᠋ᠠᠪᠳᠠᠭᠳᠠᠬᠤ ᠴᠢᠨᠠᠷ ᠢ ᠲᠦᠯᠵᠢᠭᠦᠯᠵᠤ

  ᠰᠠᠭᠤᠳᠠᠯ ᠪᠠᠳᠤᠯᠠᠬᠤ ᠪᠠᠢ᠌ᠴᠠᠭᠠᠯᠳᠠ

  ᠰᠢᠨ᠎ᠠ ᠶᠢᠨ ᠡᠷᠢᠯ ᠳᠤ ᠣᠷᠠᠮᠰᠢᠭᠤᠯᠳᠠᠭ ᠶᠤᠮ᠃

        ᠰᠥᠰᠦᠭᠯᠢᠭ᠌ ᠪᠣᠯᠪᠠᠰᠤᠷᠠᠯ ᠤᠨ ᠳᠠᠮᠰᠢᠯᠭ᠎ᠠ

        ᠰᠤᠷᠤᠭᠴᠢ ᠶᠢ ᠰᠤᠳᠤᠷ ᠲᠤ ᠰᠢᠮᠡᠳᠡᠭᠦᠯᠵᠤ

        ᠬᠠᠳᠠᠨ ᠣᠶᠠᠨ ᠵᠤᠷᠢᠭ ᠢ ᠨᠢ

        ᠬᠤᠨᠤᠭ ᠤᠨ ᠵᠤᠵᠠᠭᠠᠨ ᠳᠠᠭᠠᠨ ᠳᠠᠪᠳᠠᠳᠠᠭ᠃

  ᠰᠢᠡᠵᠢᠯᠡᠭᠦ ᠣᠬᠠᠭᠠᠨ ᠤ ᠪᠠᠶᠠᠯᠢᠭ ᠢ

  ᠰᠤᠶᠤᠯ ᠮᠢᠨᠢ ᠭᠡᠵᠤ ᠡᠵᠡᠯᠡᠵᠤ

  ᠰᠤᠶᠤᠯᠳᠠᠨ ᠤ ᠠᠪᠣᠷᠭᠤ ᠡᠩᠨᠡᠭᠡ ᠳ᠋ᠤ

  ᠰᠤᠷᠤᠭᠴᠢ ᠴᠢᠨᠢ ᠳᠡᠭᠡᠳᠤ ᠪᠣᠯᠳᠠᠭ ᠶᠤᠮ᠃

       ᠢᠩᠭᠢᠵᠤ ᠴᠢᠳᠠᠪᠣᠷᠢᠳᠠᠨ ᠭᠠᠷᠤᠭᠠᠤᠨ

       ᠣᠢ᠌ᠯᠠᠰ ᠪᠦᠳᠦᠭᠡᠵᠤ ᠶᠠᠪᠣᠳᠠᠭ ᠶᠤᠮ᠃

       ᠡᠭᠡ ᠣᠷᠤᠨ ᠤ ᠪᠠᠨ ᠲᠦᠯᠦᠭᠡ

       ᠦᠨᠡᠨ ᠰᠡᠳᠬᠢᠯ ᠶᠢᠡᠷ ᠵᠢᠳᠭᠦᠳᠡᠭ᠌ ᠶᠤᠮ᠃

  ᠰᠤᠶᠤᠯ ᠤᠨ ᠨᠤᠭᠤᠭᠠᠨ ᠮᠤᠳᠤ ᠴᠢᠨᠢ

  ᠰᠤᠷᠤᠭᠴᠢ ᠰᠤᠷᠭᠠᠳᠠᠭ ᠪᠠᠭᠰᠢ ᠶᠤᠮ ᠡ ︕

  ᠰᠤᠷᠠᠬᠤ ᠶᠢᠨ ᠠᠮᠳᠠᠯᠢᠭ ᠵᠢᠮᠢᠰ ᠴᠢᠨᠢ

  ᠰᠤᠷᠤᠭᠴᠢ ᠨᠠᠷ᠎ᠠ ᠲᠡᠶ ᠣᠯᠠᠨ ᠶᠤᠮ ᠡ ︕


          * 《ᠰᠢᠠᠵᠢᠶᠠᠩ ᠤ ᠡᠳᠦᠷ ᠤᠨ ᠰᠤᠨᠢᠨ》 1998.3.1


      

      ᠣᠬᠠᠭᠠᠷᠠᠭᠠᠴᠢ ᠭᠦᠤ ᠮᠢᠨᠢ


ᠪᠠᠭᠰᠢ ᠴᠢᠨᠢ ᠢᠷᠡᠭᠡᠳ ᠶᠠᠪᠣᠯ᠎ᠠ

ᠪᠠᠢ᠌ᠳᠠᠯ ᠢ ᠴᠢᠨᠢ ᠰᠠᠢ᠌ᠬᠠᠨ ᠭᠡᠯᠡᠯ᠎ᠡ᠂

ᠪᠠᠢ᠌ᠬᠤ ᠳ᠋ᠦ᠋ᠩ ᠢ ᠴᠢᠨᠢ ᠥᠵᠡᠭᠡᠳ

ᠪᠢ ᠴᠢᠨᠢ ᠰᠦᠷᠡᠭᠡᠢ ᠵᠤᠪᠠᠯ᠎ᠠ᠃

   ᠰᠤᠷᠬᠤ ᠴᠠᠭ ᠶᠢᠡᠨ ᠦᠷᠡᠭᠡᠭᠡᠳ

   ᠰᠤᠷᠭᠠᠭᠤᠯᠢ ᠡᠵᠢ ᠪᠠᠨ ᠭᠤᠮᠤᠳᠠᠭᠠᠭᠠᠤᠨ᠂

   ᠰᠤᠯᠠ ᠶᠠᠭᠤᠨ ᠳᠠᠭᠠᠨ ᠭᠦᠶ‍ᠦᠨ᠎ᠡ ᠴᠢ ︖

   ᠰᠤᠶᠤᠯ ᠡᠴᠡ ᠶᠠᠭᠤᠨ ᠳᠤ ᠵᠠᠢ᠌ᠳᠠᠨ᠎ᠠ ᠪᠣᠢ ᠴᠢ ︖

ᠦᠷᠯᠦᠭᠡ ᠨᠠᠳᠠ ᠡᠴᠡ ᠠᠪᠣᠭᠰᠠᠨ

ᠠᠷᠪᠠᠨ ᠳᠦᠭᠦᠷᠢᠭ᠌ ᠶᠢᠨ ᠶᠠᠭᠠᠭᠢᠯ᠎ᠠ ᠴᠢ︖

ᠠᠪᠬᠤ ᠳᠠᠪᠳᠠᠷ ᠣᠯᠠᠨ ᠭᠡᠰᠡᠨ ᠴᠢᠨᠢ

ᠦᠨᠡᠨ ᠥᠭᠡ ᠦᠦ᠂ ᠬᠤᠳᠠᠯ ᠥᠭᠡ ᠦᠦ ︖

   ᠳᠠᠰᠬᠠᠯ ᠶᠢᠡᠨ ᠠᠩᠭᠢ ᠳᠠᠭᠠᠨ ᠭᠢᠴᠢᠭᠡᠯ᠎ᠡ ᠭᠡᠳ

   ᠳᠡᠩᠳᠡ ᠭᠡᠯᠡᠳᠡᠭ᠌ ᠴᠢᠨᠢ ᠬᠤᠳᠠᠯ ᠠᠵᠠᠢ᠂

   ᠳᠠᠯᠠᠨ ᠡᠴᠡ ᠥᠭᠡᠳᠡᠭᠡᠨ ᠬᠤᠪᠢ ᠲᠡᠶ ᠪᠢ ᠭᠡᠳ

   ᠳᠡᠭᠡᠷᠡᠭᠡᠨ ᠶᠠᠷᠢᠳᠠᠭ ᠴᠢᠨᠢ ᠭᠦᠭᠡᠷᠦᠯ ᠠᠵᠠᠢ᠃

ᠦᠷᠤ ᠵᠢᠷᠦᠭᠡ ᠪᠣᠯᠤᠭᠰᠠᠨ ᠭᠦᠤ ᠮᠢᠨᠢ

ᠡᠭᠦᠨ ᠡᠴᠡ ᠬᠤᠵᠢᠮ ᠣᠬᠠᠭᠠᠷᠠᠭᠠᠴᠢ ︕

ᠠᠷᠠᠢ᠌ᠬᠠᠨ ᠠᠷᠪᠠᠨ ᠨᠠᠰᠤ ᠪᠠᠨ

ᠦᠷᠡᠭᠡᠵᠤ ᠬᠠᠶᠠᠬᠤ ᠡᠴᠡ ᠭᠢᠴᠢᠶᠡᠭᠡᠴᠢ ︕

     ᠰᠤᠷᠭᠤᠭ ᠬᠤᠷᠴᠠ ᠣᠬᠠᠭᠠᠨ ᠵᠢᠠᠨ

     ᠰᠤᠷᠮᠠᠭᠠᠢ ᠴᠤᠪᠣᠭᠤ ᠪᠢᠯᠢᠭ᠌ ᠵᠢᠠᠨ

     ᠡᠷᠳᠡᠮ ᠰᠤᠷᠬᠤ ᠳᠤ ᠵᠤᠷᠢᠭᠤᠯ ᠡ ︕

     ᠠᠯᠳᠠᠨ ᠬᠠᠳᠠᠯᠭ᠎ᠠ ᠪᠣᠯᠢᠶᠠᠯᠳᠤ ᠡ ︕

ᠠᠯᠢᠪᠠ ᠳᠠᠯ᠎ᠠ ᠪᠠᠷ ᠭᠦᠭ᠍ᠵᠢᠭᠦ

ᠡᠷᠭᠢᠮ ᠪᠣᠯᠪᠠᠰᠤᠨ ᠢ ᠭᠦᠡᠳᠦᠳᠭᠡᠵᠤ᠂

ᠣᠯᠠᠭᠠᠨ ᠪᠦᠴᠡ ᠪᠠᠨ ᠳᠤᠯᠠᠯᠵᠠᠭᠤᠯᠵᠤ

ᠦᠶ᠎ᠡ ᠶᠢᠨ ᠣᠯᠠᠨ ᠶᠢᠡᠨ ᠳᠠᠭᠠᠭᠤᠯ ᠡ ︕

     ᠢᠩᠭᠢᠪᠠᠯ ᠴᠢᠮ᠎ᠠ ᠶᠢ ᠭᠡᠵᠢᠶ᠎ᠡ ᠴᠤ

     ᠣᠷᠤᠭᠰᠢᠯ ᠳᠠᠪᠰᠢᠯ ᠭᠦᠷᠢᠶᠡᠯᠡᠨ᠎ᠡ᠂

     ᠡᠷᠳᠡᠮᠳᠡᠨ ᠴᠢᠳᠠᠪᠣᠷᠢᠳᠠᠨ ᠤ ᠡᠡᠭ᠍ᠨᠡᠭᠡ

     ᠢᠷᠡᠭᠡᠳᠦᠢ ᠶᠢᠨ ᠳᠠᠠᠳᠠ ᠡᠴᠡ ᠳᠠᠯᠠᠯᠤᠨ᠎ᠠ᠃


           ᠊᠊᠊᠊᠊᠊᠊᠊᠊᠊᠊᠊᠊᠊᠊ 《ᠨᠠᠭᠢᠶ᠎ᠠ》 ᠰᠡᠳᠭᠦᠯ 2000.8 ᠳ᠋ᠤᠭᠠᠷ ᠬᠤᠭᠤᠴᠠᠭ᠎ᠠ


      ᠭᠡᠮᠰᠢᠯ ᠤᠨ ᠭᠦᠭᠡ ᠣᠳᠤᠭ᠎ᠠ


ᠰᠠᠨᠠᠬᠤ ᠶᠢᠨ ᠨᠢᠭᠡ ᠨᠢᠯᠪᠣᠰᠤ ᠣᠨᠠᠭᠠᠭᠤᠯᠬᠤ

      ᠠᠯᠳᠠᠭᠰᠠᠨ ᠰᠤᠷᠤᠯᠭ᠎ᠠ ᠶᠢᠨ ᠴᠠᠭ ᠮᠢᠨᠢ

ᠣᠩᠰᠢᠬᠤ ᠶᠢᠨ ᠨᠢᠭᠡ ᠰᠡᠭᠦᠷᠰᠤ ᠠᠯᠳᠠᠭᠤᠯᠬᠤ

      ᠣᠷᠭᠢᠭᠰᠠᠨ ᠡᠷᠢᠯ ᠤᠨ ᠵᠠᠮ ᠮᠢᠨᠢ ᠊᠊᠊᠊᠊᠊᠊᠊᠊᠊᠊᠊᠊᠊᠊᠊᠊᠊᠊᠊᠊᠊᠊᠊᠊᠊᠊᠊᠊᠊

      ᠭᠡᠷ ᠶᠢᠡᠨ ᠰᠠᠭᠢᠭᠰᠠᠨ ᠨᠠᠳᠠ ᠳ᠋ᠤ

      ᠭᠡᠮᠰᠢᠯ ᠤᠨ ᠭᠦᠭᠡ ᠣᠳᠤᠭ᠎ᠠ ᠡ ︕

ᠪᠣᠰᠴᠤ ᠰᠠᠭᠤᠬᠤ ᠶᠢᠨ ᠬᠤᠷᠤᠮᠠᠬᠠᠨ ᠵᠠᠭᠤᠷ᠎ᠠ ᠳ᠋ᠤ

      ᠨᠠᠰᠤᠨ ᠤ ᠬᠠᠭᠤᠳᠠᠰᠤ ᠵᠤᠵᠠᠭᠠᠷᠠᠬᠤ ᠰᠢᠭ᠂

ᠪᠣᠳᠤᠵᠤ ᠰᠡᠳᠭᠢᠭᠦ ᠶᠢᠨ ᠢᠪᠴᠤᠳᠬᠠᠨ ᠳᠠᠯᠠᠪᠣᠷ ᠳᠤ

      ᠭᠦᠰᠡᠯ ᠤᠨ ᠰᠥ᠋ ᠳᠠᠳᠠᠷᠠᠬᠤ ᠰᠢᠭ᠂

      ᠭᠡᠮᠰᠢᠯ ᠤᠨ ᠭᠦᠭᠡ ᠣᠳᠤᠭ᠎ᠠ ᠮᠢᠨᠢ

      ᠭᠡᠷ ᠤᠨ ᠳᠤᠭᠤᠷᠭ᠎ᠠ ᠶᠢ ᠬᠠᠷᠠᠯᠭᠤᠯᠤᠨ᠎ᠠ᠃

ᠡᠳᠦᠷ ᠤᠨ ᠬᠤᠭᠤᠰ ᠲᠤ ᠦᠷᠴᠢᠯᠡᠭᠡᠰᠤ ᠨᠡᠮᠡᠭ᠍ᠳᠡᠭᠦ

      ᠴᠢᠷᠠᠢ ᠠᠯᠳᠠᠭᠰᠠᠨ ᠪᠠᠶ᠎ᠠ᠂

ᠥᠵᠡᠭᠦ ᠶᠢᠨ ᠵᠠᠪᠰᠠᠷ ᠲᠤ ᠪᠣᠭᠤᠷᠤᠯ ᠣᠯᠠᠰᠢᠷᠠᠬᠤ

       ᠦᠰᠦ ᠴᠠᠢ᠌ᠭᠰᠠᠨ ᠳᠤᠯᠤᠭᠠᠢ ᠊᠊᠊᠊᠊᠊᠊᠊᠊᠊᠊᠊᠊᠊᠊

       ᠭᠡᠮᠰᠢᠯ ᠤᠨ ᠭᠦᠭᠡ ᠣᠳᠤᠭ᠎ᠠ

       ᠭᠡᠨᠡᠳᠡᠯ ᠤᠨ ᠰᠢᠷ᠎ᠠ ᠰᠤᠳᠤᠷ᠃

ᠡᠪᠦᠭᠡᠳ ᠶᠢᠡᠨ ᠪᠣᠳᠤᠵᠤ ᠴᠡᠭᠡᠵᠢ ᠠᠯᠠᠭᠠᠳᠠᠭᠰᠠᠨ

       ᠬᠦᠩᠭᠡᠨ ᠬᠤᠭᠤᠮᠠᠢ ᠰᠠᠷᠠᠯ

ᠢᠷᠡᠭᠡᠳᠦᠢ ᠪᠠᠨ ᠪᠠᠷᠠᠯᠠᠬᠤ ᠦᠭᠡᠶ ᠯᠤᠩᠬᠤ ᠳᠠᠪᠠᠷᠢᠵᠤ

       ᠬᠡᠦᠬᠡᠳ ᠶᠢᠡᠨ ᠭᠤᠮᠤᠳᠠᠭᠠᠭᠰᠠᠨ ᠮᠠᠳᠠᠯ ᠊᠊᠊᠊᠊᠊᠊᠊᠊᠊᠊᠊᠊᠊᠊

       ᠭᠡᠮᠰᠢᠯ ᠤᠨ ᠭᠦᠭᠡ ᠣᠳᠤᠭ᠎ᠠ

       ᠭᠡᠷᠡᠯ ᠬᠠᠢ᠌ᠭᠰᠠᠨ ᠪᠢ ︕

ᠪᠣᠰᠤᠳ ᠤᠨ ᠳᠠᠪᠰᠢᠯᠳᠠ ᠨᠠᠳᠠ ᠶᠢ ᠬᠠᠶᠠᠵᠤ

       ᠭᠦᠭ᠍ᠵᠢᠯ ᠡᠮᠦᠨ᠎ᠡ ᠬᠤᠰᠢᠭᠤᠷᠠᠨ᠎ᠠ᠃

ᠪᠣᠳᠤᠩ ᠳᠤ ᠳᠦᠭᠡᠷᠢᠭ᠍ᠰᠡᠨ ᠮᠢᠨᠤ ᠪᠠᠶ᠎ᠠ

       ᠰᠢᠨᠡᠭᠡᠨ ᠨᠢᠳᠤ ᠪᠠᠨ ᠨᠡᠭᠡᠭᠡᠵᠤ ᠪᠠᠢ᠌ᠨ᠎ᠠ ᠊᠊᠊᠊᠊᠊᠊᠊᠊᠊᠊᠊᠊᠊᠊

       ᠭᠡᠮᠰᠢᠯ ᠤᠨ ᠭᠦᠭᠡ ᠣᠳᠤᠭ᠎ᠠ ᠮᠢᠨᠢ

       ᠭᠡᠭᠡᠷᠡᠯ ᠤᠨ ᠭᠦᠭᠡ ᠣᠳᠤᠭ᠎ᠠ ᠪᠣᠯᠤᠭᠠᠰᠢ ︕


            * 《ᠦᠣᠷ ᠤᠨ ᠴᠤᠯᠮᠤᠨ》 1989.10


          

        ᠪᠢ  ᠮᠠᠳᠠᠯ᠎ᠠ


   ᠪᠢ ᠮᠠᠳᠠᠯ᠎ᠠ

   ᠪᠢ ᠥᠨᠡᠭᠡᠷ ᠮᠡᠳᠡᠴᠢᠭᠡᠯ᠎ᠡ ︕

   ᠮᠢᠨᠤ ᠡᠨᠡ ᠥᠭᠡ

   ᠰᠦᠷ ᠪᠣᠰᠤᠭ᠎ᠠ

   ᠰᠦᠯᠳᠡ ᠪᠣᠰᠤᠭ᠎ᠠ

       ᠬᠠᠢ᠌ᠷ᠎ᠠ ᠶᠢᠨ ᠳᠠᠩᠭᠢᠮ ᠳ᠋ᠤ

       ᠬᠠᠰᠭᠢᠷᠴᠤ ᠪᠠᠢ᠌ᠨᠠᠮ ︕

    ᠭᠣᠢ᠌ᠪᠠᠯᠵᠠᠯ

    ᠭᠤᠷᠪᠠ ᠶ‍ᠢᠰᠤᠨ ᠤ

       ᠭᠦᠢᠳᠡᠨ ᠳ᠋ᠤ

    ᠲ᠋ᠠᠭᠵᠢᠵᠤ

    ᠭᠤᠤᠯ ᠮᠦᠰᠤᠳᠠᠨ

    ᠭᠤᠷᠠᠢ ᠣᠰᠤᠳᠤᠨ

        ᠵᠢᠵᠢᠭ᠍ᠷᠡᠨ ᠣᠳᠤᠨ᠎ᠠ᠃

    ᠡᠵᠢ ᠶᠢᠨ ᠴᠠᠢ ᠶᠢᠨ ᠬᠠᠯᠠᠭᠤᠨ ᠠᠭᠤᠷ

    ᠡᠷᠢᠯ ᠤᠨ ᠡᠯᠴᠢ ᠶᠢ ᠳᠠᠭᠤᠳᠠᠵᠤ

    ᠡᠷᠭᠢ ᠮᠦᠷᠭᠦᠭᠡ ᠥᠭᠡᠢ

        ᠮᠢᠨᠤ

        ᠣᠮᠤᠭᠰᠢᠯ ᠤᠨ ᠭᠠᠯ ᠢ

    ᠰᠠᠢ᠌ᠬᠠᠨ ᠤ ᠬᠡᠦᠬᠡᠳ ᠳᠦᠷᠡᠯᠵᠡᠭᠦᠯᠭᠦ ᠶᠤᠮ ᠰᠠᠨ ︕


           《ᠦᠨᠢᠷ ᠴᠡᠴᠡᠭ᠌》 ᠰᠡᠳᠭᠦᠯ1988.11 ᠊᠊᠊᠊᠊᠊᠊᠊᠊᠊᠊᠊᠊᠊᠊ ᠬᠤᠭᠤᠴᠠᠭ᠎ᠠ ᠳ᠋ᠤ

  

         ᠭᠦᠮᠤᠨ ᠤ ᠵᠠᠩ


   ᠠᠮᠠ ᠠᠩᠭ᠋ᠠᠢ᠌ᠭᠰᠠᠨ ᠪᠣᠳᠤᠯ

   ᠠᠯᠳᠠ ᠮᠦᠩᠭᠦ ᠣᠪᠣᠭᠠᠯᠠᠵᠤ

   ᠦᠭ‍ᠭᠦ ᠡᠭᠦᠳᠡ ᠪᠠᠨ ᠬᠠᠭᠠᠵᠤ

   ᠦᠪ ᠤᠨ ᠡᠵᠡᠨ ᠲᠡᠶ ᠵᠠᠷᠭᠤᠴᠢᠨ᠎ᠠ᠃

   ᠵᠠᠷᠭᠤ ᠴᠢᠨᠢ

   ᠵᠦᠪ ᠪᠢᠰᠢ ᠭᠡᠵᠤ

   ᠥᠭᠡᠷ ᠳᠡᠷᠭᠡᠨ ᠤ ᠭᠦᠷᠳᠤ

   ᠦᠷᠭᠡᠯᠡᠭ᠍ᠰᠡᠨ ᠭᠢᠬᠤᠨᠠᠯ ᠶᠢᠡᠷ ᠶᠢᠡᠨ ᠳᠤᠭᠤᠭᠢᠯᠠᠨ᠎ᠠ᠃

   ᠭᠡᠳᠡᠯ᠎ᠡ ᠊᠊᠊᠊᠊᠊᠊᠊᠊᠊᠊᠊᠊᠊᠊

   ᠳᠠᠷᠠ ᠴᠢᠨᠢ ᠵᠦᠪ

   ᠳᠡᠮᠡᠭᠡᠨ ᠡᠴᠡ ᠠᠰᠠᠭᠤ ᠭᠡᠵᠤ

        ᠲ᠋ᠠᠪᠠᠨ᠎ᠡ ᠶᠢᠨ ᠬᠤᠭᠤᠷᠬᠠᠢ

        ᠬᠤᠭ ᠤᠨ ᠣᠪᠣᠭ᠎ᠠ ᠡᠴᠡ ᠬᠠᠰᠭᠢᠷᠤᠨ᠎ᠠ ︕


            * 《ᠦᠨᠢᠷ ᠴᠡᠴᠡᠭ᠌》 ᠰᠡᠳᠭᠦᠯ 1988.11 ᠊᠊᠊᠊᠊᠊᠊᠊᠊᠊᠊᠊᠊᠊᠊ ᠬᠤᠭᠤᠴᠠᠭ᠎ᠠ ᠳ᠋ᠤ


       ᠨᠤᠮ ᠮᠢᠨᠤ ᠪᠠᠭᠰᠢ


ᠪᠢᠯᠢᠭ᠌ ᠤᠨ ᠨᠤᠶᠠᠨ ᠣᠷᠭᠢᠯ

ᠪᠢᠴᠢᠭ᠌ ᠤᠨ ᠨᠤᠭᠤᠭᠠᠨ ᠳᠡᠯᠡᠭᠡᠢ ᠊᠊᠊᠊᠊᠊᠊᠊᠊᠊᠊᠊᠊᠊᠊

       ᠨᠤᠮ ᠭᠡᠳᠡᠭ᠌ ᠭᠦᠮᠤᠨ

       ᠨᠤᠮᠤᠬᠠᠨ ᠮᠢᠨᠤ ᠪᠠᠭᠰᠢ᠂

ᠪᠠᠭᠰᠢ ᠶᠢᠨ ᠴᠠᠭᠠᠨ ᠬᠤᠨᠢ

ᠪᠠᠶᠠᠷ ᠤᠨ ᠭᠦᠭᠡ ᠰᠤᠳᠤᠷ ᠊᠊᠊᠊᠊᠊᠊᠊᠊᠊᠊᠊᠊᠊᠊

       ᠨᠤᠮ ᠭᠡᠳᠡᠭ᠌ ᠭᠦᠮᠤᠨ

       ᠨᠤᠮᠤᠬᠠᠨ ᠮᠢᠨᠤ ᠪᠠᠭᠰᠢ᠂

ᠪᠠᠯᠴᠢᠷ ᠣᠶᠤᠨ ᠤ ᠵᠤᠯᠠ

ᠪᠠᠳᠮ᠎ᠠ ᠶᠢᠨ ᠲᠦᠮᠡᠨ ᠴᠡᠴᠡᠭ᠌ ᠊᠊᠊᠊᠊᠊᠊᠊᠊᠊᠊᠊᠊᠊᠊

       ᠨᠤᠮ ᠭᠡᠳᠡᠭ᠌ ᠭᠦᠮᠤᠨ

       ᠨᠤᠮᠤᠬᠠᠨ ᠮᠢᠨᠤ ᠪᠠᠭᠰᠢ᠃

ᠡᠭᠡ ᠣᠷᠤᠨ ᠤ ᠰᠦᠯᠳᠡ

ᠡᠷᠡᠨ ᠤ ᠠᠯᠳᠠᠨ ᠲᠦᠯᠭᠢᠭᠦᠷ ᠊᠊᠊᠊᠊᠊᠊᠊᠊᠊᠊᠊᠊᠊᠊

       ᠨᠤᠮ ᠭᠡᠳᠡᠭ᠌ ᠭᠦᠮᠤᠨ

       ᠨᠤᠮᠤᠬᠠᠨ ᠮᠢᠨᠤ ᠪᠠᠭᠰᠢ᠃

ᠨᠤᠮ ᠪᠣᠯ ᠮᠢᠨᠤ ᠪᠠᠭᠰᠢ

ᠨᠤᠮᠤᠬᠠᠨ ᠪᠢ ᠪᠣᠯ ᠰᠤᠷᠤᠭᠴᠢ ᠊᠊᠊᠊᠊᠊᠊᠊᠊᠊᠊᠊᠊᠊᠊

     ᠨᠤᠮ ᠪᠢᠳᠠ ᠬᠤᠶᠠᠷ ᠪᠣᠯ

     ᠨᠠᠷᠠᠨ ᠪᠠ ᠨᠠᠪᠴᠢ ᠠᠳᠠᠯᠢ ᠡ ︕


       * 《ᠨᠠᠭᠢᠶ᠎ᠠ》 1988.11 ᠳ᠋ᠤ


    

      ᠠᠬᠠᠷᠪᠣᠯᠠᠭ ᠢᠨᠢᠶᠠᠨ᠎ᠠ


ᠠᠬᠠᠷᠪᠣᠯᠠᠭ ᠢᠨᠢᠶᠠᠨ᠎ᠠ ︕

ᠣᠢ᠌ᠯᠠᠰ ᠤᠨ ᠰᠠᠢ᠌ᠬᠠᠨ ᠢ ᠣᠠᠳᠤᠷᠠᠭᠤᠯᠤᠭᠠᠤᠨ

ᠥᠯᠦᠭᠡᠢ ᠬᠤᠪᠣᠭ ᠶᠢᠡᠨ ᠪᠠᠶᠠᠰᠬᠠᠭᠠᠤᠨ

ᠠᠬᠠᠷᠪᠣᠯᠠᠭ ᠢᠨᠢᠶᠠᠨ᠎ᠠ᠃

  

ᠴᠠᠢ᠌ᠳᠠᠮ ᠭᠤᠪᠢ ᠭᠦᠳᠡᠭᠡ ᠨᠢ

ᠴᠠᠭᠢᠭᠤᠷ ᠴᠢᠯᠠᠭᠤ ᠪᠠᠷ ᠢᠨᠢᠶᠠᠨ᠎ᠠ

ᠳᠠᠰᠭᠢᠨ᠎ᠠ᠂ ᠰᠢᠷᠠᠯᠵᠢ᠂ ᠡᠪᠠᠰᠤ ᠨᠢ

ᠳᠤᠰᠤᠨ ᠰᠢᠮ᠎ᠠ ᠪᠠᠷ ᠢᠨᠢᠶᠠᠨ᠎ᠠ᠃


ᠰᠢᠷᠭᠠᠯᠳᠤᠨ ᠨᠠᠢ᠌ᠬᠤᠯᠠᠭ᠎ᠠ ᠳᠦᠩᠭᠡ ᠨᠢ

ᠱᠤᠤᠷᠠᠢ᠂ ᠦᠯᠦᠩ ᠶᠢᠡᠷ ᠢᠨᠢᠶᠠᠨ᠎ᠠ᠂

ᠬᠤᠯᠪᠣᠭ᠎ᠠ ᠰᠢᠷᠢᠭ᠌ ᠳᠤᠪᠣ ᠨᠢ

ᠬᠤᠵᠢᠷ ᠱᠦᠯᠲᠦ ᠪᠠᠷ ᠢᠨᠢᠶᠠᠨ᠎ᠠ᠃


ᠦᠷ ᠢ ᠣᠭᠳᠤᠭᠰᠠᠨ ᠳᠤᠰᠬᠤᠨ ᠨᠢ

ᠣᠢ ᠮᠤᠳᠤ ᠪᠠᠷ ᠢᠨᠢᠶᠠᠨ᠎ᠠ

ᠭᠦᠰᠡᠯ ᠪᠠᠶᠠᠨ ᠡᠵᠡᠳ ᠨᠢ

ᠭᠦᠨ ᠪᠣᠳᠤᠯ ᠶᠢᠡᠷ ᠢᠨᠢᠶᠠᠨ᠎ᠠ᠃


ᠵᠠᠰᠠᠮᠠᠯ ᠳᠠᠷᠳᠠᠩ ᠬᠠᠭᠠᠯᠭ᠎ᠠ ᠨᠢ

ᠵᠣᠢ᠌ᠯ ᠤᠨ ᠮᠠᠰᠢᠨ ᠶᠢᠡᠷ ᠢᠨᠢᠶᠠᠨ᠎ᠠ᠂

ᠵᠠᠮ ᠤᠨ ᠣᠯᠠᠨ ᠠᠶᠠᠠᠴᠢᠳ

ᠵᠠᠶᠠᠭ᠎ᠠ ᠶᠢ ᠨᠢ ᠪᠠᠬᠠᠳᠤᠭᠠᠤᠨ ᠢᠨᠢᠶᠠᠨ᠎ᠠ᠃


ᠪᠣᠯᠠᠭ ᠣᠰᠤ ᠨᠢ ᠪᠣᠷᠭᠢᠯᠤᠭᠠᠤᠨ

ᠴᠥᠭᠦᠷᠡᠮ ᠳ᠋ᠤᠨᠢ ᠳᠤᠨᠤᠯᠵᠠᠭᠠᠤᠨ ᠢᠨᠢᠶᠠᠨ᠎ᠠ᠂

ᠵᠢᠭᠠᠰᠤ ᠵᠢᠷᠭᠠᠬᠠᠢ ᠨᠢ ᠢᠷᠠᠯᠵᠠᠭᠠᠤᠨ

ᠪᠣᠢ᠌ᠵᠠᠯ ᠬᠠᠪᠣᠯᠠᠭᠠᠤᠨ ᠢᠨᠢᠶᠠᠨ᠎ᠠ᠃


ᠣᠯᠠᠨ ᠳᠦᠷᠤᠯ ᠤᠨ ᠡᠵᠡᠭ᠍ᠨᠡᠯᠳᠡ

ᠣᠷᠮ᠎ᠠ ᠪᠠᠳᠠᠷᠠᠭᠠᠤᠨ ᠢᠨᠢᠶᠠᠨ᠎ᠠ

ᠡᠪᠦᠭᠡᠳ ᠰᠤᠶᠤᠯ ᠣᠬᠠᠭᠠᠵᠢᠭᠠᠤᠨ

ᠣᠷᠢ ᠵᠠᠯᠠᠭᠤ ᠪᠠᠷ ᠢᠨᠢᠶᠠᠨ᠎ᠠ᠃


ᠬᠠᠪᠣᠷ ᠤᠨ ᠡᠯᠪᠠᠭ᠌ ᠳᠠᠷᠢᠮᠠᠯ ᠨᠢ

ᠬᠠᠷᠢᠶᠠᠴᠠᠢ ᠶᠢ ᠳᠠᠯᠠᠯᠤᠭᠠᠤᠨ ᠢᠨᠢᠶᠠᠨ᠎ᠠ

ᠲᠦᠯ ᠣᠯᠠᠨ ᠮᠠᠯ ᠨᠢ

ᠳᠡᠦᠭᠡ ᠶᠢ ᠡᠪᠳᠡᠭᠡᠳ ᠢᠨᠢᠶᠠᠨ᠎ᠠ᠃


ᠨᠠᠮᠤᠷ ᠤᠨ ᠳᠠᠩᠰᠤᠭ ᠬᠤᠷᠢᠶᠠᠯᠳᠠ ᠨᠢ

ᠨᠤᠳᠤᠭ ᠶᠢᠡᠨ ᠣᠮᠤᠭᠰᠢᠭᠤᠯᠠᠭᠠᠤᠨ ᠢᠨᠢᠶᠠᠨ᠎ᠠ᠂

ᠨᠠᠷᠠ ᠡᠷᠭᠦᠭ᠍ᠰᠡᠨ ᠥᠭᠡᠳᠡᠯᠡᠯ ᠨᠢ

ᠨᠠᠢ᠌ᠷᠠᠭ ᠨᠡᠷᠡᠭᠡᠳ ᠢᠨᠢᠶᠠᠨ᠎ᠠ᠃


ᠦᠨᠢᠷ ᠢᠨᠢᠶᠠᠳᠤ ᠳᠦᠭᠦᠷᠡᠩ

ᠠᠬᠠᠷᠪᠣᠯᠠᠭ ᠢᠨᠢᠶᠠᠨ᠎ᠠ᠂

ᠥᠭᠡᠳᠡᠯᠡᠭᠦ ᠵᠠᠮ ᠳᠠᠭᠠᠨ ᠣᠷᠤᠭᠰᠠᠨ

ᠠᠬᠠᠷᠪᠣᠯᠠᠭ ᠢᠨᠢᠶᠠᠨ᠎ᠠ ᠡ ︕


    * 《ᠰᠢᠠᠵᠢᠶᠠᠩ ᠤᠨ ᠡᠳᠦᠷ ᠤᠨ ᠰᠤᠨᠢᠨ》 1992.9.20


  

       ᠥᠭᠡᠳᠡᠯᠡᠭ᠍ᠰᠡᠨ ᠠᠢ᠌ᠯ ᠤᠨ ᠦᠷ


ᠦᠷᠢᠨ ᠤ ᠠᠭᠤᠯᠠᠨ ᠪᠠᠨ ᠡᠷᠭᠦᠵᠤ ᠬᠠᠶᠠᠭᠰᠠᠨ ᠠᠪᠣᠷᠭᠤ

ᠥᠭᠡᠢ᠌ᠷᠡᠯ ᠤᠨ ᠵᠤᠳ ᠢ ᠭᠦᠳᠡᠯᠮᠦᠷᠢ ᠪᠠᠷ ᠠᠷᠢᠯᠭᠠᠭᠰᠠᠨ ᠴᠢᠳᠠᠯᠳᠠᠨ ᠭᠡᠭᠦ

ᠦᠯᠵᠡᠢ ᠶᠢᠨ ᠮᠠᠭᠳᠠᠭᠠᠯ ᠮᠠᠨ ᠤ ᠨᠤᠳᠤᠭ ᠲᠤ ᠳᠦᠭᠡᠨ᠎ᠡ

ᠣᠢ᠌ᠯᠠ ᠥᠯᠢᠭᠡᠷ ᠨᠢ ᠪᠢᠳᠠᠨ ᠪᠦᠭᠦᠨ ᠳᠤ ᠪᠢᠰᠢᠷᠡᠭ᠍ᠳᠡᠨ᠎ᠡ᠃

ᠣᠷᠢᠳᠠ ᠳᠠᠳᠠᠨ ᠤ ᠭᠢᠨ ᠊᠊᠊᠊᠊᠊᠊᠊᠊᠊᠊᠊᠊᠊᠊

ᠠᠩᠭ᠎ᠠ ᠬᠡᠦᠬᠡᠳ ᠨᠢ ᠬᠠᠷ᠎ᠠ ᠪᠣᠷᠤ ᠬᠤᠭᠤᠯᠠ ᠳᠠᠢ

ᠠᠪᠠᠯᠢ ᠡᠭᠡᠨᠡᠷ ᠨᠢ ᠡᠪᠡᠳᠴᠢᠨ ᠲᠡᠶ ᠴᠤ ᠡᠮᠡᠨᠡᠭᠦᠯᠳᠡᠭ᠌ ᠦᠭᠡᠶ

ᠠᠰ ᠤᠨ ᠪᠠᠶ᠎ᠠ ᠨᠢ ᠠᠷᠢᠭᠢ ᠶᠢᠨ ᠴᠢᠳᠭᠦᠷ ᠪᠠᠢ᠌ᠭᠰᠠᠨ ᠡ ︕

ᠬᠤᠵᠢᠮ ᠨᠢ ᠳᠠᠷᠠ ᠊᠊᠊᠊᠊᠊᠊᠊᠊᠊᠊᠊᠊᠊᠊

ᠴᠢᠨᠠᠬᠤ ᠴᠠᠢ ᠦᠭᠡᠶ ᠭᠦᠮᠦᠰ ᠤᠨ

ᠴᠢᠨᠡᠭᠡᠯᠢᠭ᠍ᠵᠢᠭ᠍ᠰᠡᠨ ᠳᠤ ᠪᠣᠳᠤᠯᠭᠠᠰᠢᠷᠠᠯ᠎ᠠ᠂

ᠴᠤᠤᠳᠠᠢ ᠵᠠᠯᠠᠬᠠᠭᠤ ᠳᠠᠨᠢᠯ ᠤᠳ ᠤᠨ ᠵᠢᠠᠨ

ᠪᠠᠶᠠᠵᠢᠭᠰᠠᠨ ᠳ᠋ᠤᠨᠢ ᠠᠳᠠᠭᠠᠷᠬᠠᠯ᠎ᠠ ︕

ᠢᠩᠭᠢᠭᠡᠳ ᠊᠊᠊᠊᠊᠊᠊᠊᠊᠊᠊᠊᠊᠊᠊

ᠠᠢ᠌ᠯ ᠡᠷᠭᠢᠳᠡᠭ᠌ ᠶᠢᠡᠨ ᠬᠠᠶᠠᠯ᠎ᠠ᠂

ᠠᠷᠢᠭᠢ ᠶᠢᠨ ᠰᠢᠳᠦᠭᠡᠨ ᠶᠢᠨ ᠪᠠᠯᠪᠠᠴᠢᠯ᠎ᠠ ︕

ᠳᠠᠭᠠᠭᠠᠴᠢᠯᠠᠭᠰᠠᠨ ᠮᠠᠯ ᠤᠨ ᠶᠢᠡᠨ ᠳᠤᠭ᠎ᠠ ᠵᠢ

ᠴᠥᠭᠡᠷᠡᠴᠤ ᠪᠠᠢ᠌ᠭᠰᠠᠨ ᠡᠴᠡ ᠨᠢ ᠣᠯᠠᠰᠢᠷᠠᠭᠤᠯᠤᠯ᠎ᠠ᠂

ᠳᠡᠭᠡᠭ᠍ᠰᠢᠯᠡᠯ ᠦᠭᠡᠶ ᠪᠠᠢ᠌ᠭᠰᠠᠨ ᠠᠮᠢᠳᠤᠷᠠᠯ ᠵᠢᠠᠨ

ᠣᠷᠤᠭᠤᠳᠠᠵᠤ ᠪᠠᠢ᠌ᠭᠰᠠᠨ ᠡᠴᠠ ᠨᠢ ᠥᠭᠡᠳᠡᠯᠡᠭᠦᠯᠦᠯ᠎ᠡ ︕

ᠪᠣᠶᠠᠨ ᠭᠡᠰᠢᠭ᠌ ᠳᠡᠭᠦᠨ ᠲᠡᠶ ᠢᠨᠠᠭᠰᠢᠵᠤ

ᠪᠠᠶᠠᠵᠢᠯ ᠤᠨ ᠬᠤᠩᠬᠤ ᠡᠭᠦᠳᠡᠨ ᠳ᠋ᠤᠨᠢ ᠳᠤᠤᠭᠠᠷᠤᠯ᠎ᠠ᠂

ᠮᠠᠯ ᠨᠢ ᠦᠰᠴᠦ

ᠮᠦᠩᠭᠦ ᠨᠢ ᠪᠠᠩᠭᠢ ᠳᠤ ᠵᠤᠵᠠᠭᠠᠷᠠᠴᠤ

ᠮᠦᠩᠭᠦ ᠪᠠᠷ ᠮᠦᠩᠭᠦ ᠣᠯᠤᠨᠠᠮ ᠭᠡᠳ

ᠮᠠᠢ᠌ᠮᠠᠢ ᠬᠤᠳᠠᠯᠳᠤᠭ᠎ᠠ ᠭᠡᠯ᠎ᠡ᠃

ᠣᠳᠤ ᠊᠊᠊᠊᠊᠊᠊᠊᠊᠊᠊᠊᠊᠊᠊

ᠪᠠᠶᠠᠷ ᠤᠨ ᠢᠨᠢᠶᠠᠳᠤ ᠲᠡᠶ ᠪᠦᠰᠡᠭᠦᠢ ᠨᠢ

ᠪᠠᠭ᠎ᠠ ᠳᠡᠯᠭᠡᠭᠦᠷ ᠲᠡᠭᠡᠨ ᠭᠠᠷᠮᠠᠭᠠᠢ᠂

ᠵᠤᠷᠢᠭᠳᠠᠢ ᠣᠤᠠᠬᠠᠨ ᠭᠦᠪᠠᠭᠦᠨ ᠨᠢ

ᠵᠢᠯᠤᠭᠤᠳᠤᠭᠰᠠᠨ ᠮᠠᠰᠢᠨ ᠳᠠᠭᠠᠨ ᠱᠠᠯᠠᠮᠠᠭᠠᠢ᠂

ᠠᠯᠢᠶᠠᠷᠠᠬᠠᠭ ᠰᠢᠷ᠎ᠠ ᠭᠡᠦᠭᠡᠨ ᠨᠢ

ᠣᠶᠤᠳᠠᠯ ᠬᠠᠳᠬᠤᠮᠠᠯ ᠳᠠᠭᠠᠨ ᠣᠷᠠᠨ᠃

ᠣᠬᠠᠭᠠᠯᠢᠭ ᠪᠣᠷᠤ ᠭᠦᠪᠠᠭᠦᠨ ᠨᠢ

ᠦᠨᠢᠷ ᠰᠦᠷᠦᠭ᠌ ᠲᠡᠭᠡᠨ ᠳᠠᠮᠳᠠᠢ᠃

ᠦᠷᠤᠮᠴᠢ᠂ ᠪᠠᠭᠡᠵᠢᠩ ᠭᠡᠳᠤᠨ ᠭᠠᠵᠠᠷ ᠳᠤ

ᠣᠩᠰᠢᠵᠤ ᠶᠠᠪᠣᠭ᠎ᠠ ᠭᠦᠪᠠᠭᠦᠤᠨ ᠨᠢ ᠪᠣᠢ᠄

ᠡᠭᠡ ᠡᠴᠢᠭᠡ ᠳᠡᠭᠡᠨ ᠡ᠊ᠨᠳᠡᠭᠢ ᠳᠠᠠᠳᠠᠭᠢ ᠵᠢᠨ

ᠥᠭᠡᠳᠡᠯᠡᠭ᠍ᠰᠡᠨ ᠠᠷᠭ᠎ᠠ ᠶᠢ ᠣᠯᠠᠮᠵᠢᠯᠠᠨ᠎ᠠ᠃

ᠡᠭᠦᠨ ᠤ ᠳ᠋ᠦ᠋ᠩ ᠳ᠋ᠤ

ᠡᠳᠡᠨ ᠤ ᠭᠢᠨ ᠤ

ᠵᠢᠯ ᠤᠨ ᠣᠷᠤᠯᠭ᠎ᠠ ᠨᠢ ᠴᠡᠭᠡᠵᠢ ᠪᠠᠨ ᠴᠤᠭᠢᠭᠠᠤᠨ

ᠵᠢᠩᠭᠢᠨ ᠭᠡᠳᠤᠨ ᠲᠦᠮᠡᠨ ᠳᠦᠭᠦᠷᠡᠭ᠌ ᠡ ︕

ᠭᠡᠪᠠᠴᠤ ᠳᠠᠷᠠ ᠊᠊᠊᠊᠊᠊᠊᠊᠊᠊᠊᠊᠊᠊᠊

ᠠᠮᠢᠳᠤᠷᠠᠯ ᠮᠢᠨᠢ ᠠᠯᠳᠠᠨ ᠪᠠᠷ ᠪᠦᠷᠢᠭ᠍ᠳᠡᠭ᠍ᠰᠡᠨ ᠴᠤ

ᠠᠢ᠌ᠯ ᠬᠤᠰᠢᠶ᠎ᠠ ᠪᠠᠨ ᠮᠠᠷᠳᠠᠯ ᠥᠭᠡᠢ

ᠠᠬ᠎ᠠ ᠳᠡᠭᠦᠤ ᠪᠠᠨ ᠬᠠᠶᠠᠯ ᠥᠭᠡᠢ

ᠠᠮᠢᠳᠤᠷᠠᠬᠤ ᠠᠷᠭ᠎ᠠ ᠪᠠᠨ ᠵᠢᠭᠠᠨᠠᠮ ᠭᠡᠵᠤ

ᠡᠪᠦᠭᠡᠷᠡᠭᠦ ᠨᠠᠰᠤ ᠨᠢ ᠵᠠᠯᠠᠭᠤᠷᠠᠭᠰᠠᠨ

ᠦᠯᠵᠡᠢ ᠭᠡᠳᠡᠭ᠌ ᠡᠪᠦᠭᠡᠨ

ᠦᠯᠵᠡᠢ ᠬᠤᠪᠢ ᠪᠠᠨ

ᠥᠯᠦᠭᠡᠢ ᠨᠤᠳᠤᠭ ᠲᠠᠭᠠᠨ ᠳᠡᠭᠡᠵᠢᠯᠡᠵᠤ ᠶᠠᠪᠣᠨ᠎ᠠ ︕


      * 《ᠰᠢᠠᠵᠢᠶᠠᠩ ᠤᠨ ᠡᠳᠦᠷ ᠤᠨ ᠰᠤᠨᠢᠨ》 1994.3.13 ᠳ᠋ᠤ


    

        ᠠᠯᠠᠭ ᠳᠤᠭᠤᠯ ᠤᠨ ᠥᠭᠡ

                (ᠬᠡᠦᠬᠡᠳ ᠤᠨ ᠰᠢᠯᠦᠭ᠌)


ᠠᠯᠠᠭ ᠳᠤᠭᠤᠯ ᠨᠠᠮᠢ᠋ᠢ᠌

ᠠᠭᠠᠰᠢ ᠵᠠᠩ ᠨᠢ ᠨᠤᠮᠤᠬᠠᠨ ᠭᠡᠳ

ᠷᠠᠰᠢ ᠭᠦᠪᠠᠭᠦᠨ ᠦᠷᠭᠦᠯᠵᠢ

ᠡᠯᠳᠡᠵᠤ ᠨᠤᠤᠯᠤᠭᠠᠤᠨ ᠪᠠᠢ᠌ᠨ᠎ᠠ᠃

ᠷᠠᠰᠢ ᠶᠢᠨ ᠡᠵᠢ ᠴᠤ ᠡᠭᠡ ᠶᠢ ᠮᠢᠨᠢ

ᠦᠰᠦ ᠶᠡᠭᠡᠳᠡᠢ ᠭᠡᠳ ᠮᠠᠭᠳᠠᠨ᠎ᠠ᠂

ᠦᠷ᠎ᠡ ᠨᠢ ᠨᠠᠮᠢ᠋ᠢ ᠭᠦᠭᠡᠯᠦᠯ ᠥᠭᠡᠢ

ᠢᠨᠢᠶᠠᠵᠤ ᠪᠠᠢ᠌ᠭᠠᠤᠨ ᠰᠢᠪᠠᠬᠠᠨ᠎ᠠ᠃

ᠪᠠᠶ᠎ᠠ ᠴᠤᠭᠴᠠ ᠮᠢᠨᠢ ᠳᠤᠷᠠᠩᠬᠠᠢ

ᠪᠦᠳᠦᠭᠦᠷᠴᠤ ᠥᠰᠭᠦ ᠪᠠᠨ ᠠᠭᠤᠷᠠᠪᠠ᠂

ᠪᠤᠷᠪᠢ ᠪᠠᠨ ᠳᠠᠭᠠᠭᠠᠵᠤ ᠴᠢᠳᠠᠯ ᠥᠭᠡᠢ

ᠪᠠᠢ᠌ᠷᠢ ᠡᠴᠡ ᠪᠠᠨ ᠠᠷᠠᠢ ᠪᠣᠰᠤᠨ᠎ᠠ ᠪᠢ᠃

ᠡᠨᠡ ᠪᠠᠢ᠌ᠳᠠᠯ ᠳᠤ ᠮᠢᠨᠢ ᠷᠠᠰᠢ

ᠦᠴᠦᠭᠡᠨ ᠴᠤ ᠦᠷᠤ ᠡᠪᠠᠦᠡᠭᠦ ᠦᠭᠡᠶ᠂

ᠡᠵᠡᠨ ᠳᠡᠭᠡᠨ ᠦᠯᠵᠡᠢ ᠦᠭᠡᠶ ᠮᠠᠯ ᠭᠡᠵᠤ

ᠠᠮᠢ ᠶᠢ ᠮᠢᠨᠢ ᠭᠠᠷᠤᠳᠠᠯ᠎ᠠ ᠮᠠᠯᠢᠶᠠᠳᠤᠨ᠎ᠠ᠂

ᠡᠭᠡ ᠮᠢᠨᠢ ᠨᠠᠮᠢ᠋ᠢ ᠥᠵᠡᠭᠡᠳ

ᠣᠰᠤᠨ ᠨᠢᠳᠤᠯᠠᠵᠤ ᠮᠥᠭᠡᠷᠦᠨ᠎ᠡ᠂

ᠡᠯᠢᠭᠡ ᠵᠢᠷᠦᠭᠡ ᠨᠢ ᠡᠪᠭᠢᠯᠳᠦᠭᠡᠳ

ᠥᠭᠡ ᠳᠠᠭᠤ ᠦᠭᠡᠶ ᠳᠤᠯᠢᠶᠠᠨ᠎ᠠ᠃

ᠦᠨᠦᠳᠤᠷ ᠪᠢ ᠢᠩᠭᠢᠪᠡ ᠭᠡᠳ

ᠥᠵᠡᠭ᠍ᠰᠡᠨ ᠵᠤᠪᠠᠯᠠᠩ ᠶᠢᠡᠨ ᠳᠤᠭᠠᠴᠢᠨ᠎ᠠ᠃

ᠠᠷᠠᠭ᠎ᠠ ᠪᠠᠨ ᠵᠠᠭᠤᠵᠤ ᠳᠠᠰᠤ ᠭᠡᠳ

ᠣᠶᠠᠷᠠᠵᠤ ᠣᠬᠢᠯᠠᠭᠠᠤᠨ ᠵᠤᠭᠰᠤᠨ᠎ᠠ ︕

ᠴᠠᠩᠭ᠎ᠠ ᠪᠠᠨ ᠳᠠᠢ᠌ᠯᠬᠤ ᠣᠰᠤ ᠥᠭᠡᠢ

ᠴᠠᠳᠴᠤ ᠢᠳᠡᠭᠦ ᠡᠪᠠᠰᠤ ᠦᠭᠡᠶ᠂

ᠨᠤᠮ ᠡᠴᠡ ᠵᠤᠯᠠᠭᠰᠠᠨ ᠷᠠᠰᠢ ᠳ᠋ᠤ

ᠨᠠᠭᠠᠳᠤᠮ ᠪᠣᠯᠵᠤ ᠪᠢ ᠡᠴᠡᠨ᠎ᠡ᠃

ᠦᠷ᠎ᠡ ᠳᠡᠭᠡᠨ ᠦᠭ‍ᠭᠦ ᠦᠰᠦ ᠥᠭᠡᠢ

ᠢᠳᠡᠯᠭᠡ ᠳᠠᠭᠠᠷᠠᠭᠰᠠᠨ ᠭᠡᠪᠠᠯᠭᠡ ᠦᠭᠡᠶ᠂

ᠦᠰᠦ ᠶᠡᠭᠡᠳᠡᠢ ᠡᠭᠡ ᠮᠢᠨᠢ

ᠷᠠᠰᠢ ᠶᠢᠨ ᠡᠭᠡ ᠳᠤ ᠵᠤᠪᠠᠭᠠᠳᠠᠨ᠎ᠠ᠃

ᠡᠨᠡᠷᠢᠯ ᠦᠭᠡᠶ ᠵᠠᠩ ᠶᠢᠡᠨ ᠬᠠᠯᠠᠭᠠᠤᠨ

ᠷᠠᠰᠢ ᠰᠤᠷᠠᠭᠠᠭᠤᠯᠢ ᠳᠠᠭᠠᠨ ᠣᠴᠢᠬᠤ ᠦᠦ ︖

ᠦᠰᠦᠨ ᠳᠤ ᠰᠢᠨᠤᠭᠰᠠᠨ ᠡᠵᠢ ᠨᠢ

ᠠᠯᠠᠭ ᠨᠠᠮᠢ᠋ᠢ ᠪᠣᠳᠤᠬᠤ ᠦᠦ ︖

ᠡᠭᠡ ᠶᠢᠨ ᠶᠢᠡᠨ ᠣᠤᠭᠠᠨ ᠳᠤᠭᠤᠯ ᠪᠢ

ᠡᠷᠭᠡ ᠴᠢᠯᠦᠭᠡ ᠶᠢ ᠭᠦᠰᠡᠨ᠎ᠡ᠃

ᠸᠴᠢᠷ ᠤᠨ ᠣᠯᠠᠭᠠᠨ ᠳᠤᠭᠤᠯ ᠰᠢᠭ

ᠡᠷᠳᠡᠨᠢ ᠳᠤ ᠬᠤᠪᠢᠯᠠᠬᠤ ᠶᠢ ᠵᠡᠭᠦᠳᠦᠯᠡᠨ᠎ᠡ ︕


        * 《ᠰᠢᠠᠵᠢᠶᠠᠩ ᠤᠨ ᠡᠳᠦᠷ ᠤᠨ ᠰᠤᠨᠢᠨ》 1994.10.30 ᠳ᠋ᠤ


        ᠲ᠋ᠡᠯᠡᠭᠡᠢ ᠳᠠᠢ᠌ᠪᠣᠩ ᠪᠠᠢ᠌ᠭᠠᠰᠠᠢ


ᠳᠦᠷᠪᠠᠨ ᠠᠷᠠᠰᠤᠳᠠᠨ ᠤ ᠦᠷᠠᠰ ᠢ

ᠳᠤᠯᠠᠭᠠᠨ ᠦᠷᠤᠴᠠ ᠳᠡᠭᠡᠨ ᠳᠡᠪᠠᠷᠢᠭ᠍ᠰᠡᠨ

ᠳᠡᠯᠡᠭᠡᠢ ᠮᠢᠨᠢ

ᠳᠠᠢ᠌ᠪᠣᠩ ᠪᠠᠢ᠌ᠭᠠᠰᠠᠢ ︕

ᠴᠢᠩ ᠦᠨᠡᠨ ᠢ ᠭᠡᠯᠡᠪᠠᠯ

ᠴᠢᠨᠤ ᠵᠠᠷᠢᠮ ᠭᠠᠵᠠᠷ ᠳᠤ

ᠫᠣᠤ ᠶᠢᠨ ᠳᠠᠭᠤ ᠳᠠᠴᠢᠭᠢᠨᠠᠨ

ᠳᠤᠪ ᠤᠨ ᠰᠤᠮᠤ ᠣᠯᠠᠩᠭ᠋ᠠᠰᠤᠨ ᠊᠊᠊᠊᠊᠊᠊᠊᠊᠊᠊᠊᠊᠊᠊

ᠦᠷᠤ ᠵᠢᠷᠦᠭᠡ ᠪᠠᠨ ᠰᠤᠭᠤᠯᠤᠯᠴᠠᠬᠤ

ᠠᠯᠠᠯᠳᠤᠭᠠᠨ ᠤ ᠳᠠᠭᠤ ᠮᠠᠠᠳᠤᠨ

ᠡᠭᠡ ᠪᠣᠯᠤᠭᠰᠠᠨ ᠴᠢᠮᠢ᠋ᠢ᠌

ᠡᠩᠭᠦᠷᠡᠢ ᠥᠵᠡᠭᠦ ᠦᠭᠡᠶ ᠳᠠᠯᠭᠢᠳᠠᠵᠤ ᠪᠠᠢ᠌ᠨ᠎ᠠ᠃

ᠡᠪᠦᠷ ᠲᠤ ᠴᠢᠨᠢ ᠪᠠᠢ᠌ᠭ᠎ᠠ ᠦᠷᠠᠰ ᠢ

ᠦᠰᠢᠶᠠᠳᠠᠨ ᠳᠠᠢ᠌ᠰᠤᠨ ᠪᠣᠯᠭᠠᠵᠤ ᠪᠠᠢ᠌ᠨ᠎ᠠ᠂

ᠡᠪᠴᠡᠵᠤ ᠨᠠᠢ᠌ᠷᠠᠮᠳᠠᠨ ᠰᠠᠭᠤᠬᠤ ᠥᠭᠡᠢ

ᠠᠷᠠᠭ᠎ᠠ ᠬᠠᠪᠢᠷᠠᠨ ᠪᠣᠰᠤᠯᠴᠠᠬᠤ

ᠢᠭᠢᠷ᠎ᠠ ᠬᠤᠷᠠᠭ᠎ᠠ ᠰᠢᠭ ᠪᠣᠢ᠌ᠵᠢᠬᠤ ᠥᠭᠡᠢ

ᠠᠷᠢᠶᠠᠳᠠᠨ ᠴᠢᠨᠤ᠎ᠠ ᠰᠢᠭ ᠠᠪᠣᠯᠴᠠᠬᠤ

ᠮᠠᠭᠤ ᠵᠠᠩ ᠰᠤᠷᠭᠠᠵᠤ ᠪᠠᠢ᠌ᠨ᠎ᠠ᠂

ᠮᠤᠩᠬᠠᠭ ᠠᠭᠠᠰᠢ ᠣᠯᠭᠤᠵᠤ ᠪᠠᠢ᠌ᠨ᠎ᠠ᠃

ᠡᠨᠡ ᠪᠣᠯ ᠳᠠᠷᠤᠢ ᠳᠠᠢ᠌ᠨ ᠳᠠᠵᠢᠨ ᠊᠊᠊᠊᠊᠊᠊᠊᠊᠊᠊᠊᠊᠊᠊

ᠥᠭᠦᠯ ᠮᠥᠭᠦᠯ ᠤᠨ ᠣᠯᠠᠭ᠎ᠠ

ᠢᠯᠠᠵᠤ ᠢᠯᠠᠭᠳᠠᠬᠤ ᠶᠢᠨ ᠳᠡᠮᠡᠴᠡᠭᠡᠨ᠃

ᠳᠠᠢ᠌ᠮᠤ ᠡᠴᠡ ᠊᠊᠊᠊᠊᠊᠊᠊᠊᠊᠊᠊᠊᠊᠊

ᠳᠦᠷᠢᠮᠡᠭᠡᠢ ᠳᠠᠢ᠌ᠨ ᠮᠠᠭᠤ ᠣᠴᠢᠷ ᠡᠴᠡ

ᠳᠡᠭᠦᠨ ᠢ ᠪᠢᠳᠠᠨ ᠭᠦᠷᠢᠶᠡᠯᠡᠭᠦ ᠥᠭᠡᠢ

ᠰᠢᠳᠤᠷᠭᠤ ᠳᠠᠢ᠌ᠨ ᠰᠠᠢ᠌ᠨ ᠪᠣᠯᠬᠤᠷ

ᠰᠠᠯᠪᠠᠩ ᠶᠢᠡᠨ ᠪᠢᠳᠠ ᠵᠤᠭᠰᠤᠭᠠᠬᠤ ᠦᠭᠡᠶ᠃

ᠡᠭᠡ ᠣᠷᠤᠨ

ᠡᠷᠭᠡ ᠴᠢᠯᠦᠭᠡ

ᠢᠨᠠᠭ ᠳᠤᠷᠠᠯᠠᠯ

ᠡᠩᠭᠡ ᠵᠢᠷᠭᠠᠯ

ᠭᠦᠮᠤᠨ ᠪᠦᠭᠦᠨ ᠳᠤ ᠵᠠᠪᠠᠯ ᠪᠠᠢ᠌ᠬᠤ

ᠶᠠᠭᠤᠨ ᠡᠴᠡ ᠴᠤ ᠡᠷᠭᠢᠮ ᠡᠷᠳᠡᠨᠢ ᠮᠦᠨ᠂

ᠭᠡᠨ ᠴᠤ ᠦᠭ‍ᠭᠦ ᠦᠭᠡᠶ ᠪᠣᠶᠠᠨ ᠮᠦᠨ᠃

ᠭᠡᠪᠠᠴᠤ ᠊᠊᠊᠊᠊᠊᠊᠊᠊᠊᠊᠊᠊᠊᠊

ᠵᠠᠮ ᠳᠠᠭᠠᠨ ᠪᠠᠢ᠌ᠭᠴᠢ ᠡᠴᠡ ᠭᠡᠷᠡᠭ᠌ ᠡᠷᠢᠭᠦ

ᠵᠠᠯᠭᠢᠬᠤ ᠬᠤᠭᠤᠯᠠ ᠡᠴᠡ ᠪᠠᠨ ᠢᠯᠡᠭᠦᠤ ᠶᠢ ᠨᠢᠳᠦᠯᠡᠭᠦ

ᠪᠣᠰᠤᠳ ᠤᠨ ᠡᠮᠦᠨᠡᠭᠢ ᠶᠢ ᠮᠢᠨᠤ ᠭᠡᠭᠦ

ᠪᠣᠷᠤᠭᠤ ᠵᠦᠪ ᠦᠭᠡᠶ ᠬᠠᠮᠤᠷᠠᠨ ᠡᠵᠡᠯᠡᠭᠦ

ᠳᠡᠭᠦᠨ ᠢ ᠪᠢᠳᠠ ᠡᠰᠡᠷᠭᠦᠴᠡᠨ᠎ᠡ᠃

ᠳᠡᠯᠡᠭᠡᠢ ᠶᠢᠨ ᠣᠯᠠᠨ ᠦᠷᠠᠰ ᠮᠢᠨᠢ

ᠨᠠᠢ᠌ᠷᠠᠮᠳᠠᠯ ᠶᠢᠡᠷ ᠳᠡᠭᠡᠳᠤ ᠰᠢᠳᠦᠭᠡᠨ ᠪᠣᠯᠭᠠᠵᠤ

ᠨᠢᠰᠤᠨ ᠭᠦᠭ᠍ᠵᠢᠵᠤ ᠣᠷᠤᠭᠰᠢᠯᠠᠵᠠᠭᠠᠶ᠎ᠠ ︕

ᠳᠡᠯᠡᠭᠡᠢ ᠡᠵᠢ ᠪᠠᠨ ᠬᠠᠮᠠᠭᠠᠯᠠᠴᠠᠶ᠎ᠠ ︕

ᠬᠤᠭᠤᠷᠤᠠᠳᠤ ᠪᠠᠨ ᠊᠊᠊᠊᠊᠊᠊᠊᠊᠊᠊᠊᠊᠊᠊

ᠦᠰᠢᠶ᠎ᠡ ᠬᠤᠷᠤᠰᠤᠯ ᠵᠠᠩᠭᠢᠳᠤᠯ ᠥᠭᠡᠢ

ᠢᠷᠡᠭᠡᠳᠦᠢ ᠶᠢᠨ ᠰᠠᠢ᠌ᠬᠠᠨ ᠶᠢᠡᠨ ᠰᠥᠢᠳᠭᠡᠯ ᠥᠭᠡᠢ

ᠨᠥᠭᠦᠷᠰᠡᠭ᠌ ᠰᠠᠢ᠌ᠬᠠᠨ ᠶᠠᠪᠣᠶ᠎ᠠ

ᠵᠦᠷᠢᠶ᠎ᠠ ᠪᠠᠨ ᠵᠦᠪ ᠶᠢᠡᠷ ᠰᠢ᠌ᠤᠠᠪᠣᠷᠢᠯᠠᠵᠤ

ᠨᠠᠢ᠌ᠳᠠ ᠣᠯᠠᠨ ᠶᠢᠡᠷ ᠶᠢᠡᠨ ᠵᠢᠷᠠᠭᠠᠶ᠎ᠠ ︕

ᠳᠡᠭᠡᠭᠦ ᠳ᠋ᠤ

ᠳᠡᠯᠡᠭᠡᠢ ᠡᠵᠢ ᠮᠢᠨᠢ

ᠳᠠᠢ᠌ᠪᠣᠩ ᠪᠠᠶᠠᠷ ᠶᠢᠡᠷ ᠪᠢᠯᠬᠠᠨ᠎ᠠ ᠡ ︕


       * 《ᠰᠢᠠᠵᠢᠶᠠᠩ ᠤᠨ ᠡᠳᠦᠷ ᠤᠨ ᠰᠤᠨᠢᠨ》 1992.11.15 ᠳ᠋ᠤ


    

           ᠵᠠᠬ᠎ᠠ ᠶᠢᠨ ᠰᠠᠯᠠᠭ᠎ᠠ

        1

  ᠮᠢᠨᠤ ᠰᠠᠢ᠌ᠷᠢ ᠶᠢᠨ ᠳᠡᠷᠯᠢᠭ᠌ ᠤᠨ ᠵᠠᠬ᠎ᠠ

  ᠮᠢᠨᠤ ᠬᠠᠢ᠌ᠷᠠᠯᠠᠳᠠᠭ ᠰᠠᠢ᠌ᠬᠠᠨ ᠵᠤᠰᠠᠯᠠᠩ᠃

          2

  ᠥᠭ᠍ᠰᠦᠭᠡᠳ ᠨᠡᠭᠦᠭᠦ ᠳ᠋ᠤ

  ᠦᠨᠢᠷ ᠲᠦᠯ ᠳᠤ ᠮᠢᠨᠢ ᠭᠡᠳᠤ ᠳᠤᠭ᠎ᠠ ᠨᠠᠮᠠᠪᠠ ᠴᠢ ᠭᠡᠳ

  ᠡᠪᠠᠰᠤ ᠴᠡᠴᠡᠭ᠌ ᠲᠡᠶ ᠪᠠᠨ ᠠᠰᠠᠭᠤᠯᠳᠠ ᠳᠠᠯᠪᠢᠳᠠᠭ᠃

  ᠣᠷᠤᠭᠤᠳᠠᠭᠠᠤᠨ ᠪᠠᠭᠤᠬᠤ ᠳ᠋ᠤ

  ᠢᠷᠡᠭᠦ ᠵᠤᠨ ᠳᠠᠭᠠᠨ ᠣᠯᠵᠠ ᠲᠡᠶ ᠢᠷ᠎ᠠ ᠭᠡᠳ

  ᠣᠰᠤᠨ ᠬᠠᠷᠠᠵᠠ ᠨᠢ ᠰᠠᠯᠵᠤ ᠶᠠᠳᠠᠨ᠎ᠠ᠃

          3

  ᠬᠤᠶᠠᠷ ᠪᠣᠯᠳᠠᠭ ᠨᠢ

  ᠡᠭᠡᠮ᠎ᠡ ᠴᠠᠴᠠᠭᠤᠯᠠᠵᠤ

  ᠬᠤᠯᠠ ᠶᠢᠨ ᠠᠬ᠎ᠠ ᠳᠡᠭᠦᠤ ᠪᠠᠨ ᠮᠥᠩᠭᠡ ᠣᠭᠳᠤᠨ᠎ᠠ᠃

          4

  ᠡᠮ ᠤᠨ ᠵᠡᠭᠡ

  ᠡᠯᠳᠡᠪ ᠰᠠᠢ᠌ᠬᠠᠨ ᠴᠡᠴᠡᠭ᠌

  ᠦᠨᠦᠷ ᠠᠩᠭᠢᠯᠤᠮ᠎ᠠ ᠡᠪᠠᠰᠤ

  ᠡᠮᠴᠢ ᠳᠠᠭᠤᠳᠠᠨ᠎ᠠ᠃

  ᠨᠠᠷᠠᠨ ᠰᠡᠭᠦᠳᠡᠷ

  ᠨᠠᠯᠠᠭᠠᠷ ᠳᠠᠰᠢᠭᠤ ᠪᠠᠷ ᠨᠢ

  ᠲ᠋ᠤᠰᠢᠯ ᠵᠢᠮᠢᠰ

  ᠭᠦᠪᠠᠭᠦᠤᠨ ᠣᠷᠢᠨ᠎ᠠ᠃

  ᠣᠷᠢᠶᠠᠯᠭ᠎ᠠ᠂ ᠬᠠᠯᠢᠰᠤᠳᠤ ᠁

  ᠣᠯᠠᠭᠠᠨ ᠨᠤᠭᠤᠭᠠᠨ ᠴᠡᠴᠡᠭ᠌ ᠬᠤᠷᠣᠢ᠌ᠯᠠᠨ

  ᠨᠠᠷᠠ ᠳᠠᠭᠤᠳᠠᠨ᠎ᠠ ᠊᠊᠊᠊᠊᠊᠊᠊᠊᠊᠊᠊᠊᠊᠊

       ᠰᠠᠯᠭᠢ ᠳᠠᠭᠤᠳᠠᠨ᠎ᠠ ᠊᠊᠊᠊᠊᠊᠊᠊᠊᠊᠊᠊᠊᠊᠊

            ᠬᠤᠷ᠎ᠠ ᠳᠠᠭᠤᠳᠠᠨ᠎ᠠ ︕

          5

  ᠮᠢᠨᠤ ᠪᠠᠭ᠎ᠠ ᠳᠠᠭᠠᠨ ᠳᠠᠪᠰᠢᠨ ᠨᠠᠭᠠᠳᠤᠳᠠᠭ

  ᠮᠠᠰᠢ ᠰᠠᠢ᠌ᠬᠠᠨ ᠠᠪᠳᠠᠷ᠎ᠠ ᠴᠢᠯᠠᠭᠤ

       ᠨᠢᠭᠡ ᠨᠢ ᠬᠤᠶᠠᠷ ᠪᠣᠯᠳᠠᠭ ᠲᠤ ᠪᠠᠢ᠌ᠨ᠎ᠠ

       ᠨᠥᠭᠦᠭᠡ ᠨᠢ ᠰᠠᠯᠠᠭ᠎ᠠ ᠶᠢᠨ ᠠᠮᠠᠨ ᠳᠤ ᠪᠠᠢ᠌ᠨ᠎ᠠ᠃

  ᠪᠦᠮᠪᠦᠭᠡᠷ ᠪᠦᠮᠪᠦᠭᠡᠷ ᠴᠢᠯᠠᠭᠤ ᠨᠢ

       ᠪᠣᠯᠤᠷ ᠳᠤᠩᠭ᠋ᠠᠯᠠᠭ ᠣᠰᠤᠨ ᠳ᠋ᠤ

            ᠪᠠᠶ᠎ᠠ ᠪᠠᠨ ᠣᠭᠢᠶᠠᠵᠤ ᠠᠮᠠᠷᠠᠨ᠎ᠠ᠃

       ᠪᠢ ᠴᠤ ᠵᠠᠷᠢᠮ ᠳ᠋ᠠᠭᠠᠨ

            ᠡ᠊ᠨᠳᠡ ᠢᠷᠠᠵᠤ ᠠᠮᠠᠷᠠᠨ᠎ᠠ᠃

       ᠪᠠᠬᠠᠨ ᠣᠷᠮᠠᠰ ᠭᠦᠳᠡᠯᠪᠠᠯ

            ᠰᠢᠯᠦᠭ᠌ ᠲᠡᠶ ᠪᠠᠨ ᠠᠮᠠᠷᠠᠨ᠎ᠠ᠃

             6

      ᠠᠮᠠᠨ ᠳ᠋ᠤᠨᠢ

            ᠠᠯᠳᠠᠨ ᠤ ᠠᠭᠤᠷᠬᠠᠢ

                 ᠪᠠᠢ᠌ᠨ᠎ᠠ ᠭᠡᠨ᠎ᠡ

      ᠯᠠᠪ ᠡ ︕ ᠯᠠᠪ᠃

      ᠡᠭᠢᠨ ᠳ᠋ᠤᠨᠢ

           ᠶᠠᠭᠤ ᠪᠠᠢ᠌ᠳᠠᠭ ᠪᠣᠯᠬᠠᠢ ⁈

      ᠯᠠᠪ ᠪᠠᠢ᠌ᠨ᠎ᠠ ︕

      ᠮᠠᠨ ᠤ ᠵᠤᠰᠠᠯᠠᠩ ᠵᠠᠬ᠎ᠠ

          ᠮᠠᠩᠭ᠋ᠠᠳᠤᠷ ᠳᠠᠭᠠᠨ

               ᠬᠤᠳᠠ ᠪᠣᠯᠬᠤ ᠪᠠᠢ᠌ᠯ ᠦᠭᠡᠶ ︕

            7

     ᠨᠠᠷᠠ ᠰᠠᠷᠠ ᠵᠢ

          ᠮᠥᠰᠢᠶᠡᠯᠭᠡᠵᠤ ᠪᠠᠢ᠌ᠬᠤ

               ᠮᠢᠨᠤ ᠵᠠᠬ᠎ᠠ

     ᠨᠠᠮᠵᠠᠪ ᠨᠠᠢ᠌ᠷᠠᠭᠴᠢ ᠵᠢ

          ᠰᠤᠭᠳᠤᠭᠠᠵᠤ ᠪᠠᠢ᠌ᠬᠤ

              ᠰᠠᠢ᠌ᠬᠠᠨ ᠵᠠᠬ᠎ᠠ ᠊᠊᠊᠊᠊᠊᠊᠊᠊᠊᠊᠊᠊᠊᠊

     ᠡᠨᠡ ᠦᠷᠯᠦᠭᠡ

         ᠥᠭ᠍ᠰᠦᠭᠡᠳ ᠶᠠᠪᠣᠬᠤ ᠳ᠋ᠤ

              ᠲ᠋ᠤᠩ ᠰᠠᠢ᠌ᠬᠠᠷᠠᠭᠰᠠᠨ ᠪᠠᠢ᠌ᠨᠠᠮ ︕

     ᠥᠨᠡᠭᠡᠷ ᠊᠊᠊᠊᠊᠊᠊᠊᠊᠊᠊᠊᠊᠊᠊

          ᠰᠠᠢ᠌ᠬᠠᠨ ᠵᠤᠰᠠᠯᠠᠩ

              ᠵᠠᠬ᠎ᠠ ᠮᠢᠨᠤ ᠡ ︕


           * 《ᠦᠣᠷ ᠤᠨ ᠴᠤᠯᠮᠤᠨ》 1992.1 ᠊᠊᠊᠊᠊᠊᠊᠊᠊᠊᠊᠊᠊᠊᠊ ᠬᠤᠭᠤᠴᠠᠭ᠎ᠠ ᠳ᠋ᠤ



ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠤᠨ ᠬᠤᠪᠣᠭᠰᠠᠢ᠌ᠷᠢ

ᠵᠤᠬᠢᠶᠠᠭᠴᠢ᠄ ᠳ᠋·ᠨᠠᠮᠵᠠᠪ 
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2011 ᠤᠨ ᠤ 08 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ