☆ ᠵᠢᠯᠠᠮ·ᠮᠠᠠᠳᠤᠪᠠᠶᠠᠷ
ᠬᠠᠢ᠌ᠷ᠎ᠠ ᠶᠢᠨ ᠬᠠᠢ᠌ᠷ᠎ᠠ
᠊᠊᠊᠊᠊᠊᠊᠊᠊᠊᠊᠊᠊᠊᠊ ᠳᠠᠭᠤᠨ ᠤ ᠥᠭᠡ
ᠥᠭᠡᠢ᠌ᠯᠡᠨ ᠰᠠᠨᠠᠨ ᠳᠤᠷᠠᠯᠠᠭᠠᠤᠨ ᠪᠠᠢ᠌ᠬᠤ ᠳ᠋ᠤ
ᠦᠪᠡᠷ ᠢ ᠮᠢᠨᠢ ᠴᠢ᠂ ᠳᠤᠭᠤᠬᠤ ᠦᠭᠡᠶ ᠯᠠ ᠶᠤᠮ ᠳ᠋ᠠ᠂
ᠡᠳᠦᠷ ᠡᠳᠦᠷ ᠲᠡᠭᠡᠨ ᠳᠤᠷᠠᠰᠤᠭᠠᠤᠨ ᠪᠠᠢ᠌ᠬᠤ ᠳ᠋ᠤ
ᠦᠷᠤ ᠵᠢᠷᠦᠭᠡ ᠪᠠᠨ ᠨᠡᠭᠡᠭᠡᠭᠦ ᠦᠭᠡᠶ ᠯᠠ ᠶᠤᠮ ᠳ᠋ᠠ᠂
ᠬᠠᠢ᠌ᠷ᠎ᠠ ᠶᠢᠨ ᠬᠠᠢ᠌ᠷ᠎ᠠ
ᠬᠠᠷ᠎ᠠ ᠨᠢᠳᠤᠨ ᠴᠢᠮ᠎ᠠ ᠳ᠋ᠠᠭᠠᠨ
ᠵᠢᠯᠤᠭᠤ ᠠᠯᠳᠠᠨ ᠳᠤᠷᠠᠯᠠᠭᠠᠤᠨ ᠪᠠᠢ᠌ᠬᠤ ᠨᠢ
ᠵᠢᠷᠦᠭᠡᠨ ᠤ ᠮᠢᠨᠢ ᠪᠣᠷᠤᠭᠤ ᠦᠦ︖
ᠳᠤᠷᠠᠰᠤᠨ ᠰᠠᠨᠠᠨ ᠳᠤᠷᠠᠯᠠᠭᠠᠤᠨ ᠪᠠᠢ᠌ᠬᠤ ᠳ᠋ᠤ
ᠳᠤᠭᠤᠵᠤ ᠨᠠᠮ᠎ᠠ ᠶᠢ ᠬᠠᠷᠠᠬᠤ ᠦᠭᠡᠶ ᠯᠠ ᠶᠤᠮ ᠳ᠋ᠠ᠂
ᠳᠤᠮᠳᠠᠭᠤᠷ ᠨᠣᠢ᠌ᠷ ᠲᠡᠶ ᠭᠦᠯᠢᠶᠡᠭᠡᠳ ᠪᠠᠢ᠌ᠬᠤ ᠳ᠋ᠤ
ᠳᠤᠭᠤᠷᠠᠢ ᠶᠢᠨ ᠴᠢᠮᠡᠭᠡ ᠰᠤᠨᠤᠰᠳᠠᠬᠤ ᠦᠭᠡᠶ ᠯᠠ ᠶᠤᠮ ᠳ᠋ᠠ᠂
ᠬᠠᠢ᠌ᠷ᠎ᠠ ᠶᠢᠨ ᠬᠠᠢ᠌ᠷ᠎ᠠ
ᠬᠠᠷ᠎ᠠ ᠨᠢᠳᠤᠨ ᠴᠢᠮ᠎ᠠ ᠳ᠋ᠠᠭᠠᠨ
ᠵᠢᠯᠤᠭᠤ ᠠᠯᠳᠠᠨ ᠳᠤᠷᠠᠯᠠᠭᠠᠤᠨ ᠪᠠᠢ᠌ᠬᠤ ᠨᠢ
ᠵᠢᠷᠦᠭᠡᠨ ᠤ ᠮᠢᠨᠢ ᠪᠣᠷᠤᠭᠤ ᠦᠦ︖
ᠵᠣᠢ᠌ᠷᠯᠠᠨ ᠰᠠᠨᠠᠨ ᠪᠣᠳᠤᠭᠠᠤᠨ ᠪᠠᠢ᠌ᠬᠤ ᠳ᠋ᠤ
ᠵᠢᠷᠦᠭᠡ ᠰᠡᠳᠭᠢᠯ ᠢ ᠮᠢᠨᠢ ᠣᠢ᠌ᠯᠭᠠᠬᠤ ᠦᠭᠡᠶ ᠯᠠ ᠶᠤᠮ ᠳ᠋ᠠ᠂
ᠵᠡᠭᠦᠳᠤ ᠨᠣᠢ᠌ᠷᠤᠨ ᠳᠠᠭᠠᠨ ᠭᠦᠰᠡᠭᠡᠳ ᠪᠠᠢ᠌ᠬᠤ ᠳ᠋ᠤ
ᠵᠦᠩ ᠰᠤᠪᠢᠩ ᠶᠢᠡᠷ ᠶᠢᠡᠨ ᠮᠡᠳᠡᠷᠡᠭᠦ ᠦᠭᠡᠶ ᠯᠠ ᠶᠤᠮ ᠳ᠋ᠠ᠂
ᠬᠠᠢ᠌ᠷ᠎ᠠ ᠶᠢᠨ ᠬᠠᠢ᠌ᠷ᠎ᠠ
ᠬᠠᠷ᠎ᠠ ᠨᠢᠳᠤᠨ ᠴᠢᠮ᠎ᠠ ᠳ᠋ᠠᠭᠠᠨ
ᠵᠢᠯᠤᠭᠤ ᠠᠯᠳᠠᠨ ᠳᠤᠷᠠᠯᠠᠭᠠᠤᠨ ᠪᠠᠢ᠌ᠬᠤ ᠨᠢ
ᠵᠢᠷᠦᠭᠡᠨ ᠤ ᠮᠢᠨᠢ ᠪᠣᠷᠤᠭᠤ ᠦᠦ︖
2009.4.1
ᠵᠤᠬᠢᠶᠠᠭᠴᠢ ᠶᠢᠨ ᠬᠠᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ
ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ