☆ ᠨᠡᠷᠡᠡᠴᠡᠴᠡᠭ᠌
ᠴᠠᠢ᠌ᠳᠠᠮ ᠤᠨ ᠳᠠᠯ᠎ᠠ
ᠵᠢᠩ ᠤᠨ ᠨᠠᠷᠠᠨ ᠳᠤ ᠵᠢᠪᠠᠷ ᠭᠦᠷᠭᠡᠵᠤ
ᠵᠢᠯᠵᠢᠨ ᠴᠠᠰᠤ ᠲᠡᠶ ᠥᠡᠵᠢᠳᠡᠭ᠌
ᠵᠢᠰᠦᠷᠭᠡᠭ᠌ ᠮᠥᠩᠭᠡ ᠬᠠᠢ᠌ᠷᠬᠠᠤᠨ ᠤᠨ ᠬᠤᠷᠮᠤᠢ
ᠴᠠᠢ᠌ᠳᠠᠮ ᠤᠨ ᠳᠠᠯ᠎ᠠ
ᠰᠤᠨᠤᠷᠯᠢᠭ ᠰᠤᠶᠤᠯᠵᠢᠭᠤᠨ ᠣᠯᠤᠰ ᠤᠨ
ᠰᠤᠳᠤᠯᠵᠤ ᠪᠠᠷᠠᠭᠠᠳᠤᠢ ᠣᠨᠢᠰᠤᠭ᠎ᠠ ᠬᠠᠳᠠᠭᠠᠯᠠᠭᠠᠰᠤᠳᠠᠢ
ᠰᠤᠨᠢᠨ ᠡᠷᠳᠡᠨᠢᠰ ᠤᠨ ᠠᠭᠤᠷᠬᠠᠢ ᠪᠣᠯᠠᠭᠳᠠᠭᠰᠠᠨ
ᠴᠠᠢ᠌ᠳᠠᠮ ᠤᠨ ᠳᠠᠯ᠎ᠠ
ᠳᠤᠰᠤᠨ ᠬᠠᠷ᠎ᠠ ᠵᠠᠮ ᠳᠡᠭ᠍ᠰᠢᠷᠡᠵᠤ ᠴᠢᠳᠠᠯ ᠦᠭᠡᠶ ᠮᠤᠷᠤᠢ᠌ᠳᠠᠭ
ᠳᠤᠮᠤᠭᠳᠤ ᠭᠡᠰᠡᠷ ᠤᠨ ᠴᠤᠯᠪᠣᠭᠤᠷ ᠰᠢᠭᠢᠦᠡᠭᠡᠭ᠍ᠰᠡᠨ
ᠳᠡᠦᠭᠡᠨ ᠥᠯᠢᠭᠡᠷᠳᠤ ᠰᠡᠭᠡᠷ ᠤᠨ ᠮᠤᠰᠭᠢᠭᠤ ᠲᠡᠶ
ᠴᠠᠢ᠌ᠳᠠᠮ ᠤᠨ ᠳᠠᠯ᠎ᠠ
ᠰᠡᠷᠪᠠᠯᠵᠡᠭᠦ ᠰᠠᠯᠭᠢᠨ ᠤ ᠠᠶᠠᠰ ᠣᠠᠳᠤᠷᠠᠭᠤᠯᠵᠤ
ᠰᠠᠤᠠᠭᠢᠯ ᠭᠦᠭ᠍ᠵᠢᠭᠡᠭᠦ ᠨᠤᠲ᠋ ᠴᠢᠪᠬᠠᠳᠠᠭᠠᠤᠨ
ᠰᠠᠢ᠌ᠬᠠᠨ ᠢᠷᠡᠭᠡᠳᠦᠢ ᠶᠢᠨ ᠵᠢᠷᠭᠠᠯ ᠬᠤᠷᠣᠢ᠌ᠯᠠᠭᠰᠠᠨ
ᠴᠠᠢ᠌ᠳᠠᠮ ᠤᠨ ᠳᠠᠯ᠎ᠠ
ᠳᠤᠩᠭ᠋ᠠᠯᠠᠭ ᠰᠠᠷ᠎ᠠ ᠨᠢ ᠵᠢᠰᠤ ᠪᠠᠨ ᠳᠤᠯᠢᠳᠠᠨ ᠥᠡᠵᠢᠳᠡᠭ᠌
ᠳᠤᠯᠭ᠎ᠠ ᠭᠤᠷᠪᠠᠨ ᠨᠠᠭᠤᠷ ᠤᠨ ᠶᠢᠡᠨ ᠭᠦᠪᠠᠭᠡ ᠪᠠᠷ
ᠳᠠᠷᠬᠠᠨ ᠪᠠᠯᠴᠢᠭᠦ ᠳᠠᠪᠤᠨ ᠬᠤᠰᠢᠭᠤ ᠮᠠᠯ ᠶᠢᠡᠨ
ᠳᠤᠷᠭᠠᠨ ᠡᠪᠦᠷ ᠲᠡᠭᠡᠨ ᠥᠮᠴᠢᠷᠭᠡᠨ ᠡᠷᠭᠡᠯᠡᠭᠦᠯᠳᠡᠭ᠌
ᠴᠠᠢ᠌ᠳᠠᠮ ᠤᠨ ᠳᠠᠯ᠎ᠠ
ᠰᠤᠨᠢᠭᠤᠴᠢ ᠭᠦᠮᠦᠰ ᠤᠨ ᠦᠯᠦᠨ ᠬᠠᠷᠠᠴᠠᠨ ᠳᠤ
ᠰᠡᠪᠭᠢᠭᠦ ᠵᠠᠪ ᠦᠭᠡᠶ ᠡᠪᠦᠷ ᠶᠢᠡᠨ ᠠᠭᠤᠳᠠᠯᠠᠭᠤᠯᠵᠤ
ᠰᠥᠷᠦᠭ᠌ ᠭᠦᠷᠦᠭᠡᠰᠤ ᠪᠠᠨ ᠭᠤᠮᠤᠳᠠᠯ ᠲᠡᠶ ᠨᠡᠭᠦᠯᠭᠡᠭᠡᠤᠨ
ᠰᠥᠷᠡᠭᠡᠢ ᠡᠵᠡᠭᠦᠢᠷᠡᠭ᠍ᠰᠡᠨ
ᠴᠠᠢ᠌ᠳᠠᠮ ᠤᠨ ᠳᠠᠯ᠎ᠠ
ᠵᠦᠰᠠᠷ ᠪᠣᠷᠤᠭᠠᠨ ᠳᠤ ᠳᠠᠨᠠᠢ᠌ᠳᠠᠯ᠎ᠠ ᠳᠠᠪᠳᠠᠪᠠᠴᠤ
ᠵᠤᠨ ᠤ ᠰᠠᠭᠠᠯᠢ ᠶᠢᠨ ᠠᠭᠠᠭ ᠳᠤᠳᠠᠵᠤ ᠴᠠᠩᠭ᠋ᠠᠭᠠᠤᠨ
ᠵᠣᠢ᠌ᠯ ᠶᠢᠠᠷ ᠰᠢᠨᠡᠴᠢᠯᠡᠭ᠍ᠰᠡᠨ ᠰᠢᠨ᠎ᠠ ᠡᠷᠡᠨ ᠳᠤ
ᠵᠤᠯᠠᠮᠠᠯ ᠢᠰᠡᠭᠡᠢ ᠭᠡᠷ ᠶᠢᠡᠨ ᠥᠭᠡᠢ᠌ᠯᠡᠭᠡᠤᠨ ᠭᠤᠨᠢᠷᠬᠠᠭᠰᠠᠨ
ᠴᠠᠢ᠌ᠳᠠᠮ ᠤᠨ ᠳᠠᠯ᠎ᠠ
ᠠᠷᠢᠭᠤᠨ ᠰᠦᠰᠦᠳᠤ ᠠᠷᠠᠤᠨ ᠤᠨ ᠣᠬᠠᠭᠠᠨ ᠶᠢᠡᠷ
ᠠᠳᠠᠭᠠᠳᠠᠨ ᠤ ᠰᠦᠨᠠᠰᠤ ᠶᠢ ᠭᠦᠷᠦᠰᠤᠨ ᠳᠡᠭᠡᠨ ᠪᠣᠯᠠᠭᠰᠠᠨ
ᠡᠵᠡᠨ ᠪᠣᠭᠤᠷᠤᠯᠴᠤᠳ ᠤᠨ ᠡᠵᠡᠯᠡᠵᠤ ᠨᠤᠳᠤᠭᠯᠠᠭᠰᠠᠨ
ᠴᠠᠢ᠌ᠳᠠᠮ ᠤᠨ ᠳᠠᠯ᠎ᠠ᠃
ᠠᠰᠢᠭ ᠡᠷᠢᠵᠤ ᠬᠤᠠᠵᠢᠶ᠎ᠠ ᠭᠤᠷᠢᠳᠠᠭᠠᠤᠨ
ᠠᠮᠳᠠᠳᠠᠨ ᠢ ᠭᠦᠯᠢᠶᠡᠵᠤ ᠠᠷᠠᠭ᠎ᠠ ᠬᠠᠪᠢᠷᠠᠭᠰᠠᠤᠨ ᠢ
ᠠᠶᠤᠩᠭ᠋᠎ᠠ ᠰᠢᠭ ᠨᠢᠷᠭᠡᠵᠤ ᠮᠡᠳᠡᠭᠦ
ᠴᠠᠢ᠌ᠳᠠᠮ ᠤᠨ ᠳᠠᠯ᠎ᠠ
ᠡᠷᠭᠢᠭᠦᠤ ᠦᠵᠡᠯᠳᠠᠤᠨ ᠤᠨ ᠳᠡᠨᠡᠭ᠌ ᠣᠬᠠᠭᠠᠨ ᠳᠤ ᠬᠠᠭᠤᠷᠳᠠᠭᠳᠠᠵᠤ
ᠡᠯᠦᠡᠴᠡ ᠶᠢᠨ ᠥᠪᠯᠡᠭ᠍ᠰᠡᠨ ᠪᠣᠰᠤᠭ᠎ᠠ ᠥᠰᠦᠭ᠌ ᠶᠢᠡᠨ ᠣᠮᠳᠠᠭᠠᠢ᠌ᠯᠠᠭᠠᠤᠨ
ᠡᠭᠡ ᠰᠤᠶᠤᠯ ᠤᠨ ᠡᠷᠴᠢ ᠴᠢᠩᠭ᠋ᠠᠯᠠᠬᠤ ᠶᠢ ᠭᠦᠰᠡᠭ᠍ᠰᠡᠨ
ᠴᠠᠢ᠌ᠳᠠᠮ ᠤᠨ ᠳᠠᠯ᠎ᠠ
ᠵᠤᠬᠢᠶᠠᠭᠴᠢ᠄ ᠨᠡᠷᠡᠡᠴᠡᠴᠡᠭ᠌
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3056
ᠴᠠᠭ᠄ 2006 ᠤᠨ ᠤ 09 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ