ᠨᠡᠪᠲᠡᠷᠡᠨ ᠤᠷᠤᠬᠤ
ᠪᠦᠰᠡᠭᠦᠢ ᠭᠦᠮᠤᠨ ᠢ ᠡᠨᠡᠷᠢᠵᠤ ᠶᠠᠪᠣᠭᠠᠷᠠᠢ

ᠡᠭᠡᠨᠡᠷ ᠭᠡᠭᠦ

ᠡᠭᠦᠷᠭᠡ ᠪᠠᠨ ᠭᠤᠳᠤᠭᠠᠯ ᠥᠭᠡᠢ

ᠡᠷ᠎ᠡ ᠭᠦᠮᠤᠨ ᠤ

ᠴᠡᠭᠡᠵᠢᠨ ᠳᠤ ᠴᠡᠯᠡᠭᠡᠷᠡᠵᠤ

ᠡᠭᠡ ᠭᠡᠭᠦ

ᠬᠠᠷᠢᠭᠤᠴᠠᠯᠠᠭ᠎ᠠ ᠪᠠᠨ ᠭᠦᠰᠡᠷᠳᠡᠭᠦᠯᠦᠭᠡ ᠥᠭᠡᠢ

ᠨᠢᠯᠬ᠎ᠠ ᠦᠷ᠎ᠡ ᠶᠢᠨ ᠵᠢᠠᠨ

ᠨᠢᠳᠤᠨ ᠳᠤ ᠭᠡᠷᠡᠯᠳᠦᠳᠡᠭ᠌

ᠪᠦᠭᠦᠢᠭᠦ ᠥᠭᠡᠢ

ᠡᠩᠭᠡ ᠶᠢᠨ ᠢᠳᠡᠭᠡᠯ

ᠪᠦᠰᠡᠭᠦᠢ ᠭᠦᠮᠤᠨ ᠢ

ᠡᠨᠡᠷᠢᠵᠤ ᠶᠠᠪᠣᠭᠠᠷᠠᠢ

ᠬᠠᠳᠠᠭᠤ ᠠᠮᠢᠳᠤᠷᠠᠯ ᠤᠨ

ᠬᠠᠯᠠᠰᠢᠷᠠᠯ ᠵᠤᠪᠠᠯ ᠳᠤ ᠳᠠᠰᠴᠤ

ᠬᠠᠷ᠎ᠠ ᠭᠡᠷ ᠤᠨ

ᠭᠦᠡᠳᠤ ᠠᠵᠢᠯ ᠳᠤ ᠳᠠᠪᠳᠠᠭᠳᠠᠵᠤ

ᠬᠠᠢ᠌ᠷᠠᠳᠤ ᠦᠷ᠎ᠡ ᠪᠠᠨ ᠭᠡᠵᠤ

ᠬᠠᠯᠠᠭᠤᠨ ᠭᠦᠯᠦᠰᠤ ᠪᠠᠨ

ᠬᠠᠷᠠᠮ ᠦᠭᠡᠶ ᠠᠰᠬᠠᠷᠠᠭᠤᠯᠳᠠᠭ

ᠪᠦᠭᠦᠭᠦ ᠥᠭᠡᠢ

ᠮᠥᠩᠭᠡ ᠶᠢᠨ ᠵᠤᠯᠠ

ᠪᠦᠰᠡᠭᠦᠢ ᠭᠦᠮᠤᠨ ᠢ

ᠦᠷᠦᠪᠳᠠᠵᠤ ᠶᠠᠪᠣᠭᠠᠷᠠᠢ

ᠦᠷ᠎ᠡ ᠶᠢᠨ ᠦᠷ᠎ᠡ ᠳ᠋ᠡᠭᠡᠨ

ᠦᠨᠢ ᠮᠥᠩᠭᠡ ᠵᠢᠨ

ᠦᠪ ᠭᠦᠷᠦᠩᠭᠡ ᠪᠣᠯᠭᠠᠨ

ᠦᠨᠡᠠᠴᠢ ᠰᠢᠳᠤᠷᠭᠤ

ᠡᠷᠭᠢᠮ ᠳᠡᠭᠡᠳᠤ ᠭᠡᠪ ᠰᠤᠷᠳᠠᠯ ᠊ᠤᠨ

ᠥᠯᠢᠭᠡᠷ ᠳᠠᠭᠤᠷᠢᠶᠠᠯ

ᠥᠯᠡᠳᠡᠭᠡᠵᠤ ᠶᠠᠪᠣᠳᠠᠭ

ᠪᠦᠦᠪᠠᠢ ᠶᠢᠨ ᠳᠠᠭᠤ ᠪᠠᠷ

ᠬᠤᠷᠸ᠎ᠠ ᠶᠢ ᠣᠶᠠᠷᠠᠭᠤᠯᠤᠭᠰᠠᠨ

ᠪᠦᠰᠡᠭᠦᠢ ᠭᠦᠮᠤᠨ ᠢ

ᠭᠦᠡᠳᠦᠳᠭᠡᠵᠤ ᠶᠠᠪᠣᠭᠠᠷᠠᠢ

ᠡᠭᠡ ᠶᠢᠨ ᠪᠦᠦᠪᠠᠢ ᠳᠠᠢ

ᠡᠷᠦᠭᠡ ᠭᠡᠷ ᠤᠨ ᠵᠢᠠᠨ

ᠡᠩᠭᠡ ᠵᠢᠷᠭᠠᠯ ᠢ

ᠡᠷ᠎ᠡ ᠨᠥᠭᠦᠷ ᠲᠡᠭᠡᠨ ᠡᠳ᠋ᠯᠡᠭᠦᠯᠵᠤ

ᠥᠷᠢᠰᠦᠯᠳᠦᠭᠡᠨ ᠲᠡᠶ ᠳᠡᠯᠡᠭᠡᠢ ᠳ᠋ᠤ

ᠥᠭᠡᠳᠡᠯᠡᠵᠤ ᠶᠠᠪᠣᠬᠤ ᠳ᠋ᠤᠨᠢ

ᠬᠠᠢ᠌ᠷ᠎ᠠ ᠭᠦᠴᠤ ᠬᠤᠶᠠᠷ ᠵᠢᠠᠨ

ᠬᠠᠷᠠᠮ ᠦᠭᠡᠶ ᠡᠷᠭᠦᠳᠡᠭ᠌

ᠪᠦᠮᠪᠦᠷᠴᠡᠭ᠌ ᠤᠨ ᠬᠠᠭᠠᠰ ᠢ

ᠪᠣᠰᠴᠤ ᠳᠤᠯᠤᠭᠰᠠᠨ

ᠪᠦᠰᠡᠭᠦᠢ ᠭᠦᠮᠤᠨ ᠢ ᠬᠠᠢ᠌ᠷᠠᠯᠠᠵᠤ ᠶᠠᠪᠣᠭᠠᠷᠠᠢ︕


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠤ᠋·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2010 ᠤᠨ ᠤ 01 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ