ᠨᠡᠪᠲᠡᠷᠡᠨ ᠤᠷᠤᠬᠤ
《ᠶᠠᠩᠵᠤᠤᠷᠮ᠎ᠠ》

ᠭᠢᠮᠤᠰᠤᠳᠤ ᠬᠤᠷᠤᠭᠤᠨ ᠤ ᠵᠠᠪᠰᠠᠷ ᠵᠢᠠᠷ

ᠭᠤᠳᠤᠯᠵᠠᠵᠤ ᠶᠠᠪᠣᠳᠠᠭ ᠵᠠᠮ ᠳᠠᠢ

ᠬᠤᠶᠠᠷ ᠣᠷᠤᠭᠤᠯ ᠤᠨ ᠵᠠᠢ ᠪᠠᠷ

ᠣᠯᠠᠯᠵᠠᠵᠤ ᠰᠢᠷᠭᠤᠳᠠᠭ ᠵᠠᠩ ᠳᠠᠢ

ᠶᠠᠰᠤᠨ ᠴᠠᠪᠠᠷ ᠰᠢᠳᠤ ᠵᠢ

《ᠬᠤᠮᠠᠭ ᠶᠢᠡᠷ ᠥᠩᠭᠡᠯᠡᠳᠡᠭ᠌ ᠡᠮᠴᠢ》

ᠶᠠᠭᠠᠨ ᠠᠯᠠᠭ ᠠᠭᠤᠰᠭᠢ ᠵᠢ

《ᠭᠦᠷᠡᠯ ᠶᠢᠡᠷ ᠴᠢᠮᠠᠳᠠᠩ ᠳᠤᠮᠴᠢ》

ᠰᠢᠷᠡᠭᠡ ᠱᠠᠯᠠ ᠶᠢᠨ ᠨᠢᠭᠤᠷ ᠵᠢᠠᠷ

ᠠᠭᠰᠢᠭᠤᠨ ᠶᠢᠡᠨ ᠭᠤᠭᠤᠵᠢᠭᠤᠯᠳᠠᠭ ᠳᠦᠢᠦᠡᠭᠡᠷ

ᠰᠢᠷᠳᠠᠮᠠᠯ ᠴᠠᠭᠠᠨ ᠥᠷᠦᠭᠡᠨ ᠳ᠋ᠤ

ᠮᠠᠨᠠᠨ ᠪᠦᠷᠭᠦᠭᠦᠯᠳᠡᠭ᠌ ᠴᠢᠦᠡᠭᠦᠷ

ᠬᠠᠠᠳᠠᠭᠠᠵᠠ ᠶᠢᠨ ᠪᠣᠭᠴᠤᠨ ᠳᠤ ᠳᠠᠭᠠᠵᠤ

ᠭᠤᠷᠢ ᠶᠢ ᠳᠠᠳᠠᠳᠠᠭ ᠬᠤᠤᠷ

ᠬᠠᠢ᠌ᠷᠴᠠᠭ ᠲᠤ ᠪᠠᠢ᠌ᠬᠤ ᠮᠥᠩᠭᠦ ᠵᠢ

ᠨᠢᠮᠭᠡᠷᠡᠭᠦᠯᠵᠤ ᠮᠡᠷᠡᠳᠡᠭ᠌ ᠢᠷ

ᠪᠠᠳᠤ ᠴᠠᠭᠢᠷᠠᠭ ᠪᠠᠶ᠎ᠠ ᠵᠢ

ᠳᠤᠳᠠᠭᠤ ᠨᠠᠰᠤᠯᠠᠭᠤᠯᠳᠠᠭ ᠶᠤᠷᠤ

ᠪᠠᠭᠠᠴᠤᠤᠯ ᠵᠠᠯᠠᠭᠤᠰ ᠢ ᠥᠳᠦᠭᠡᠵᠤ

ᠭᠠᠵᠢᠭᠤ ᠳᠤ ᠣᠷᠤᠭᠤᠯᠳᠠᠭ ᠳᠤᠤᠷ

ᠬᠠᠮᠳᠤ ᠨᠠᠢ᠌ᠳᠠ ᠶᠢᠨ ᠳᠠᠯᠠᠪᠣᠷ ᠳᠤ

ᠪᠣᠭᠢᠷᠳᠤᠯ ᠠᠪᠴᠢᠷᠠᠳᠠᠭ ᠳᠠᠢ᠌ᠰᠤᠨ

ᠭᠢᠴᠢᠶᠠᠮᠵᠢ ᠦᠭᠡᠶ ᠳᠠᠢ᠌ᠪᠣᠭᠤ ᠳ᠋ᠤ

ᠭᠠᠢ ᠳᠡᠭ᠍ᠳᠡᠭᠡᠳᠡᠭ᠌ ᠳᠠᠮᠰᠢᠭ

ᠠᠵᠢᠯ ᠶᠠᠭᠠᠷᠠᠤ ᠦᠶ᠎ᠡ ᠳ᠋ᠤ

ᠴᠠᠭ ᠢ ᠪᠦᠷᠢᠯᠭᠡᠳᠡᠭ᠌ ᠬᠤᠳᠤᠭᠴᠢᠨ

ᠠᠢ᠌ᠯ ᠭᠡᠷ ᠤᠨ ᠠᠮᠢᠳᠤᠷᠠᠯ ᠳ᠋ᠤ

ᠵᠦᠷᠢᠴᠠᠯ ᠡᠭᠦᠰᠭᠡᠳᠡᠭ᠌ ᠱᠤᠳᠤᠭᠴᠢᠨ

ᠶᠠᠩᠵᠤ ᠶᠠᠩᠵᠤ ᠶᠢᠨ ᠭᠦᠨᠦᠭᠡᠯ ᠳᠠᠢ

《ᠶᠠᠩᠵᠤᠤᠷᠮ᠎ᠠ》 ᠭᠡᠭ᠍ᠴᠢ ᠭᠡᠴᠡᠭᠦᠤ ᠪᠠ︖

ᠶᠠᠭᠠᠭᠢᠵᠤ ᠳᠤᠷ᠎ᠠ ᠶᠢ ᠴᠢᠨᠢ ᠳᠠᠳᠠᠭᠰᠠᠨ ᠴᠤ

《ᠶᠠᠩᠵᠤᠤᠷᠮ᠎ᠠ》 ᠡᠴᠠ ᠵᠠᠢ᠌ᠯᠠᠨ᠎ᠠ ᠪᠠ ︕



ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠭᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 9965
ᠴᠠᠭ᠄ 2010 ᠤᠨ ᠤ 01 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ