ᠨᠡᠪᠲᠡᠷᠡᠨ ᠤᠷᠤᠬᠤ
ᠮᠤᠷᠢ

ᠮᠤᠷᠢ ᠊᠊᠊᠊᠊᠊᠊᠊᠊᠊᠊᠊᠊᠊᠊᠊᠊᠊᠊᠊᠊᠊᠊᠊᠊᠊

ᠮᠤᠩᠭ᠋ᠤᠯ ᠭᠦᠮᠤᠨ ᠤ ᠣᠨᠤᠭ᠎ᠠ

ᠮᠤᠷᠢᠳᠠᠨ ᠦᠨᠳᠦᠰᠦᠳᠠᠨ ᠤ ᠣᠮᠤᠭ

ᠳᠠᠢ᠌ᠨ ᠢ ᠢᠯᠠᠭᠰᠠᠨ ᠪᠠᠭᠠᠳᠤᠷ ᠳᠡᠦᠭᠡ

ᠳᠠᠵᠢᠨ ᠢ ᠥᠭᠡᠢ᠌ᠰᠭᠡᠭ᠍ᠰᠡᠨ ᠮᠥᠩᠭᠡ ᠳᠤᠤᠯᠢ

ᠠᠭᠤᠯᠠ ᠬᠠᠳᠠᠨ ᠳᠡᠭᠡᠭᠦᠷ

ᠰᠤᠮᠤ ᠰᠢᠭ ᠬᠠᠷᠠᠢ᠌ᠵᠤ ᠪᠠᠢ᠌ᠭᠰᠠᠨ

ᠠᠭᠤᠳᠠᠮ ᠳᠠᠯ᠎ᠠ ᠶᠢᠨ ᠳᠤᠮᠳᠠᠭᠤᠷ

ᠵᠡᠷᠭᠡᠯᠭᠡᠨ ᠰᠢᠭ᠌ ᠵᠢᠷᠪᠢᠯᠵᠠᠨ ᠪᠠᠢ᠌ᠭᠰᠠᠨ

ᠣᠷᠤᠰᠬᠠᠯ ᠭᠤᠤᠯ ᠤᠨ ᠭᠦᠪᠠᠭᠡ ᠪᠠᠷ

ᠯᠤᠤ ᠰᠢᠭ ᠳᠤᠭᠯᠠᠵᠤ ᠪᠠᠢ᠌ᠭᠰᠠᠨ

ᠣᠶᠠᠩᠭ᠋ᠠᠳᠤ ᠨᠤᠮᠢᠨ ᠭᠦᠳᠡᠭᠡ ᠪᠠᠷ

ᠡᠷᠭᠡ ᠳᠤᠷ᠎ᠠ ᠪᠠᠷ ᠳᠠᠪᠭᠢᠵᠤ ᠪᠠᠢ᠌ᠭᠰᠠᠨ


ᠮᠤᠷᠢ ᠊᠊᠊᠊᠊᠊᠊᠊᠊᠊᠊᠊᠊᠊᠊᠊᠊᠊᠊᠊᠊᠊᠊᠊᠊᠊᠊᠊

ᠡᠷᠡᠯᠭᠡᠭ᠌ ᠴᠢᠩᠭᠢᠰ ᠤᠨ ᠡᠷᠳᠡᠨᠢᠨ ᠭᠦᠯᠦᠭ᠌

ᠡᠷᠡᠮᠡᠭᠡᠢ ᠮᠤᠩᠭ᠋ᠤᠯ ᠤᠨ ᠳᠠᠢ᠌ᠴᠢᠨ ᠵᠤᠷᠢᠭ

ᠰᠠᠷ᠎ᠠ ᠵᠢᠯ ᠤᠨ ᠠᠶᠠᠨ ᠳᠤ ᠪᠠᠨ

ᠰᠢᠠᠳᠠᠷᠠᠰᠢ ᠦᠭᠡᠶ ᠳᠠᠪᠭᠢᠵᠤ ᠪᠠᠢ᠌ᠭᠰᠠᠨ

ᠰᠢᠨᠤᠬᠠᠢ ᠳᠠᠢ᠌ᠰᠤᠨ ᠤ ᠡᠰᠡᠷᠭᠦ

ᠰᠢᠷᠨᠤᠳ ᠴᠢᠨ᠋ᠸ᠎ᠠ ᠰᠢᠭ ᠳᠠᠭᠠᠷᠢᠵᠤ ᠪᠠᠢ᠌ᠭᠰᠠᠨ

ᠮᠠᠠᠳᠤᠬᠤ ᠡᠷᠡᠨ ᠤ ᠨᠠᠷᠠᠨ ᠵᠥᠭ᠌

ᠮᠠᠷᠭᠠᠰᠢ ᠶᠢᠨ ᠰᠠᠢ᠌ᠬᠠᠨ ᠢᠷᠡᠭᠡᠳᠦᠢ ᠵᠥᠭ᠌

ᠡᠩᠭᠡ ᠪᠠᠢ᠌ᠭᠠᠯᠢ ᠶᠢᠨ ᠨᠤᠭᠤᠭᠠᠨ ᠭᠦᠰᠡᠯ ᠢ

ᠳᠠᠯ ᠰᠡᠭᠦᠯ ᠳᠤ ᠪᠠᠨ ᠣᠷᠭᠤᠭᠤᠯᠤᠨ

ᠡᠷᠭᠡ ᠵᠢᠷᠭᠠᠯ ᠤᠨ ᠳᠤᠷᠭᠠᠨ ᠳᠤᠭᠤᠨᠤ ᠵᠢ

ᠠᠮᠠᠭᠠᠢ ᠵᠢᠯᠤᠭᠤ ᠳᠤ ᠪᠠᠨ ᠵᠠᠭᠤᠭᠰᠠᠭᠠᠷ

ᠮᠤᠩᠭ᠋ᠤᠯ ᠮᠢᠨᠢ ᠳᠡᠭᠦᠯᠢᠵᠤ ᠪᠠᠢ᠌ᠭᠰᠠᠨ

ᠮᠤᠩᠭ᠋ᠤᠯ ᠭᠡᠭᠦ ᠥᠭᠡ ᠪᠠᠷ ᠦᠣᠷᠰᠠᠵᠤ ᠪᠠᠢ᠌ᠭᠰᠠᠨ


ᠮᠤᠷᠢ ᠊᠊᠊᠊᠊᠊᠊᠊᠊᠊᠊᠊᠊᠊᠊᠊᠊᠊᠊᠊᠊

ᠮᠢᠨᠤ ᠠᠮᠢ ᠨᠠᠰᠤᠨ ᠤ ᠳᠤᠤᠯᠢ ᠪᠠᠢ᠌ᠭᠰᠠᠨ

ᠮᠢᠨᠤ ᠠᠮᠢᠳᠤᠷᠠᠵᠤ ᠣᠷᠤᠰᠢᠬᠤ ᠶᠢᠨ ᠠᠨᠢᠰᠤ ᠪᠠᠢ᠌ᠭᠰᠠᠨ

ᠮᠤᠩᠭ᠋ᠤᠯ ᠭᠡᠷ ᠤᠨ ᠳᠤᠭᠤᠷᠭ᠎ᠠ ᠣᠷᠠᠯᠠᠭᠰᠠᠨ ᠭᠡᠷᠡᠯ ᠪᠠᠢ᠌ᠭᠰᠠᠨ

ᠮᠠᠠᠳᠤᠬᠠᠢ ᠬᠠᠳᠤᠨ ᠤ ᠳᠦᠷᠤ ᠪᠣᠰᠬᠠᠭᠰᠠᠨ ᠵᠤᠷᠢᠭ ᠪᠠᠢ᠌ᠭᠰᠠᠨ

ᠠᠳᠤᠭᠤᠳ ᠤᠨ ᠦᠣᠷᠰᠠᠯ ᠵᠢᠠᠷ

ᠨᠤᠳᠤᠭ ᠮᠢᠨᠢ ᠵᠢᠪᠬᠤᠭ᠎ᠠ ᠲᠡᠶ ᠪᠠᠢ᠌ᠭᠰᠠᠨ

ᠠᠳᠤᠭᠤᠴᠢᠨ ᠤ ᠢᠰᠭᠡᠷᠦᠯ ᠵᠢᠠᠷ

ᠳᠠᠯ᠎ᠠ ᠮᠢᠨᠢ ᠨᠤᠭᠤᠭᠠᠬᠠᠨ ᠪᠠᠢ᠌ᠭᠰᠠᠨ

ᠴᠡᠴᠡᠭ᠌ ᠤᠨ ᠳᠠᠯᠪᠢ

ᠮᠤᠷᠢᠳ ᠤᠨ ᠳᠠᠪᠭᠢᠭ᠎ᠠ ᠪᠠᠷ ᠰᠠᠷᠪᠠᠯᠵᠠᠵᠤ ᠪᠠᠢ᠌ᠭᠰᠠᠨ

ᠴᠡᠩᠭᠡᠯ ᠪᠠᠶᠠᠷ

ᠮᠤᠷᠢᠳ ᠤᠨ ᠪᠠᠯᠴᠢᠭᠡᠷ ᠡᠴᠠ ᠡᠭᠦᠰᠴᠤ ᠪᠠᠢ᠌ᠭᠰᠠᠨ


ᠮᠤᠷᠢ ᠊᠊᠊᠊᠊᠊᠊᠊᠊᠊᠊᠊᠊᠊᠊᠊᠊᠊᠊᠊᠊᠊᠊

ᠮᠢᠨᠤ ᠵᠢᠷᠦᠭᠡ ᠰᠡᠳᠭᠢᠯ ᠤᠨ ᠠᠮᠢᠨ ᠳᠠᠭᠤᠤ ᠪᠠᠢ᠌ᠭᠰᠠᠨ

ᠮᠢᠨᠤ ᠠᠵᠢᠯᠯᠠᠵᠤ ᠠᠮᠢᠳᠤᠷᠠᠬᠤ ᠶᠢᠨ ᠰᠦᠯᠳᠡ ᠭᠡᠢ᠌ᠮᠦᠷᠢ ᠪᠠᠢ᠌ᠭᠰᠠᠨ

《ᠭᠡᠰᠡᠷ》᠂ 《ᠵᠢᠩᠭ᠋ᠠᠷ》 ᠊ᠤᠨ ᠳᠤᠤᠯᠢ

ᠮᠤᠷᠢᠳ ᠤᠨ ᠳᠤᠭᠤᠷᠠᠢ ᠪᠠᠷ ᠰᠤᠳᠤᠷᠯᠠᠵᠤ ᠪᠠᠢ᠌ᠭᠰᠠᠨ

ᠭᠡᠷᠦᠯᠤᠨ᠂ ᠡᠦᠨᠤᠨ᠂ ᠳᠤᠦᠯᠡ

ᠮᠤᠷᠢᠳ ᠤᠨ ᠭᠦᠯᠦᠰᠤ ᠪᠠᠷ ᠣᠷᠤᠰᠴᠤ ᠪᠠᠢ᠌ᠭᠰᠠᠨ

《ᠮᠤᠩᠭ᠋ᠤᠯ ᠤᠨ ᠨᠢᠭᠤᠴᠠ ᠳᠤᠪᠴᠢᠶᠠᠨ》

ᠮᠤᠷᠢᠳ ᠤᠨ ᠳᠡᠭᠦᠯᠢᠯᠳᠡ ᠪᠠᠷ ᠮᠠᠠᠳᠤᠯᠠᠵᠤ ᠪᠠᠢ᠌ᠭᠰᠠᠨ

《ᠮᠤᠩᠭ᠋ᠤᠯ》 ᠭᠡᠭᠦ ᠨᠠᠷ᠎ᠠ

ᠮᠤᠷᠢᠳ ᠤᠨ ᠳᠠᠯ ᠡᠴᠠ ᠰᠤᠯᠤᠩᠭ᠋ᠠᠷᠠᠵᠤ ᠪᠣᠰᠤᠭᠰᠠᠨ

ᠮᠤᠯᠤᠷ ᠳᠤᠯᠤᠭᠠᠨ ᠡᠭᠡᠰᠢᠭ᠌

ᠮᠤᠷᠢᠳ ᠤᠨ ᠨᠢᠷᠤᠭᠤᠨ ᠡᠴᠠ ᠡᠭᠢᠯᠡᠵᠤ ᠪᠣᠰᠤᠭᠰᠠᠨ


ᠮᠤᠷᠢ ᠊᠊᠊᠊᠊᠊᠊᠊᠊᠊᠊᠊᠊᠊᠊᠊᠊᠊᠊᠊᠊᠊᠊᠊᠊᠊

ᠡᠪᠦᠭᠡ ᠶᠢᠨ ᠮᠢᠨᠢ ᠦᠪ ᠰᠤᠷᠭᠠᠯ ᠰᠢᠭ

ᠪ᠊·ᠳ᠋ᠤᠭᠮᠢᠳ ᠤᠨ《ᠨᠤᠳᠤᠭ》 ᠶ᠋ᠢᠡᠷ ᠣᠩᠰᠢᠭᠳᠠᠵᠤ ᠪᠠᠢ᠌ᠭᠰᠠᠨ

ᠡᠴᠢᠭᠡ ᠶᠢᠨ ᠮᠢᠨᠢ ᠳᠤᠭᠰᠢᠨ ᠰᠦᠷ ᠰᠢᠭ᠌

ᠪᠣᠷᠬᠠᠨ ᠬᠠᠯᠳᠤᠨ ᠶᠢᠡᠷ ᠰᠡᠭᠦᠢᠵᠤ ᠪᠠᠢ᠌ᠭᠰᠠᠨ

《ᠵᠠᠮᠤᠬ᠎ᠠ ᠶᠢᠨ ᠦᠴᠢᠯ》 ᠶ᠋ᠢᠡᠷ ᠢᠠᠴᠠᠭᠠᠵᠤ ᠪᠠᠢ᠌ᠭᠰᠠᠨ

《ᠵᠢᠷᠭᠤᠭᠠᠳᠠᠢ》 ᠶ᠋ᠢᠨ ᠰᠤᠮᠤ ᠪᠠᠷ ᠱᠤᠤᠭᠢᠵᠤ ᠪᠠᠢ᠌ᠭᠰᠠᠨ

《ᠬᠤᠶᠠᠷ ᠵᠠᠭᠠᠯ ᠤᠨ ᠳᠤᠤᠯᠢ》 ᠪᠠᠷ ᠬᠠᠷᠠᠢ᠌ᠵᠤ ᠪᠠᠢ᠌ᠭᠰᠠᠨ

《ᠬᠠᠰᠠᠷ ᠤᠨ ᠪᠦᠭᠡ》 ᠪᠠᠷ ᠣᠷᠣᠢ᠌ᠯᠠᠵᠤ ᠪᠠᠢ᠌ᠭᠰᠠᠨ


ᠦᠨᠦᠳᠤᠷ ᠊᠊᠊᠊᠊᠊᠊᠊᠊᠊᠊᠊᠊᠊᠊᠊᠊᠊᠊᠊᠊᠊᠊᠊᠊

ᠭᠦᠭᠡ ᠳᠡᠭ᠍ᠷᠢ ᠶᠢᠨ ᠣᠳᠤᠨ ᠮᠠᠴᠢᠳ

ᠮᠤᠷᠢᠳ ᠶᠢᠡᠨ ᠥᠭᠡᠢ᠌ᠯᠡᠨ ᠣᠶᠠᠷᠠᠯᠳᠠᠢ ᠠᠨᠢᠪᠴᠢᠨ᠎ᠠ

ᠭᠦᠷᠦᠰᠦᠳᠤ ᠳᠡᠯᠡᠭᠡᠢ ᠶᠢᠨ ᠨᠤᠮᠢᠨ ᠠᠮᠢᠰᠬᠤᠭ᠎ᠠ

ᠮᠤᠷᠢᠳ ᠶᠢᠡᠨ ᠳᠤᠷᠠᠰᠤᠨ ᠭᠤᠨᠢᠭᠳᠠᠢ ᠰᠥᠢᠯᠡᠭᠯᠡᠨ᠎ᠡ


ᠦᠨᠦᠳᠤᠷ ᠊᠊᠊᠊᠊᠊᠊᠊᠊᠊᠊᠊᠊᠊᠊᠊᠊᠊᠊᠊᠊᠊᠊᠊᠊᠊᠊᠊

ᠮᠤᠷᠢᠳ ᠤᠨ ᠵᠢᠪᠬᠤᠭ᠎ᠠ ᠬᠠᠮᠢᠭᠠᠰᠢ ᠡᠴᠢᠪᠡ

ᠮᠤᠩᠭ᠋ᠤᠯ ᠭᠡᠷ ᠬᠠᠮᠢᠭ᠎ᠠ ᠰᠢᠯᠵᠢᠪᠠ

ᠣᠷᠤᠰᠬᠠᠯ ᠣᠰᠤ ᠶᠠᠭᠠᠭᠢᠨ ᠴᠥᠭᠡᠷᠡᠪᠡ

ᠣᠳᠤᠮ ᠴᠢᠰᠤ ᠭᠡᠷᠭᠢᠨ ᠡᠮᠵᠡᠭᠯᠡᠪᠡ

 


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ

ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3270
ᠴᠠᠭ᠄ 2013 ᠤᠨ ᠤ 09 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ