ᠨᠡᠪᠲᠡᠷᠡᠨ ᠤᠷᠤᠬᠤ
ᠠᠷᠠᠤᠨ ᠲᠦᠮᠡᠨ ᠮᠢᠨᠢ

ᠰᠢᠭᠤᠢ ᠪᠣᠷᠭᠠᠰᠤ ᠪᠠᠷ ᠭᠡᠷ ᠶᠢᠡᠨ ᠪᠣᠯᠭᠠᠭᠰᠠᠨ ᠪᠣᠯᠵᠤᠮᠤᠷ ᠰᠢᠪᠠᠭᠤᠳ

ᠰᠠᠢ᠌ᠬᠠᠨ ᠰᠠᠨᠠᠭ᠎ᠠ᠂   ᠢᠷᠠᠭᠤ ᠳᠠᠭᠤᠨ ᠳᠤ ᠴᠢᠨᠢ

ᠵᠢᠷᠭᠢᠵᠤ ᠵᠥᠳᠡᠭᠦ ᠦᠭᠡᠶ᠂ ᠲ᠋ᠠᠳᠠ ᠪᠠᠶᠠᠷᠳᠠᠢ᠂ ᠠᠷᠠᠤᠨ ᠲᠦᠮᠡᠨ ᠮᠢᠨᠢ

ᠴᠡᠯᠮᠡᠭ᠌ ᠳᠡᠭ᠍ᠷᠢ ᠪᠠᠷ ᠵᠤᠰᠠᠭᠠᠯ ᠶᠢᠡᠨ ᠪᠣᠯᠭᠠᠭᠰᠠᠨ ᠣᠳᠤᠨ ᠭᠠᠷᠠᠭ ᠤᠳ

ᠰᠠᠷᠠᠭᠤᠯ ᠭᠦᠰᠡᠯ᠂ ᠢᠳᠡᠭᠡᠯ ᠤᠨ ᠵᠢᠮᠢᠰ ᠢ ᠴᠢᠨᠢ

ᠱᠠᠭᠰᠢᠭᠠᠤᠨ ᠮᠤᠬᠤᠬᠤ ᠦᠭᠡᠶ᠂ ᠲ᠋ᠠᠳᠠ ᠪᠢᠰᠢᠷᠠᠨ᠎ᠠ᠂ ᠠᠷᠠᠤᠨ ᠲᠦᠮᠡᠨ ᠮᠢᠨᠢ᠂

ᠡᠭᠦᠯᠡᠨ ᠰᠡᠪᠠᠯᠭᠡ ᠪᠠᠨ ᠠᠶᠠᠷᠬᠠᠨ ᠢᠯᠢᠭ᠍ᠰᠡᠨ ᠠᠭᠤᠯᠠ ᠨᠢᠷᠤᠭᠤᠳ ᠮᠢᠨᠢ

ᠥᠷᠭᠡᠨ ᠮᠦᠷᠤᠨ ᠳᠡᠭᠡᠨ ᠵᠤᠷᠢᠭ ᠢ ᠴᠢᠨᠢ ᠡᠷᠭᠦᠨ

ᠦᠨᠳᠦᠷ ᠬᠠᠷᠠᠯ᠎ᠠ ᠡ᠂ ᠠᠷᠠᠤᠨ ᠲᠦᠮᠡᠨ ᠮᠢᠨᠢ᠂

ᠤᠭ᠍ᠶᠤᠨ ᠴᠠᠯᠭᠢᠶ᠎ᠠ ᠪᠠᠨ ᠰᠡᠮᠡᠭᠡᠷᠭᠡᠨ ᠳᠦᠯᠭᠢᠭ᠍ᠰᠡᠨ ᠭᠤᠤᠯ ᠮᠦᠷᠠᠨ ᠮᠢᠨᠢ

ᠠᠭᠤᠳᠠᠮ ᠴᠡᠭᠡᠯ ᠳᠡᠭᠡᠨ ᠣᠬᠠᠭᠠᠨ ᠢ ᠴᠢᠨᠢ ᠳᠤᠩᠭ᠋ᠠᠨ

ᠳᠤᠩᠭ᠋ᠠᠯᠠᠭ ᠣᠷᠤᠰᠤᠯ᠎ᠠ ᠡ᠂ ᠠᠷᠠᠤᠨ ᠲᠦᠮᠡᠨ ᠮᠢᠨᠢ︕

ᠨᠢᠯᠪᠣᠰᠤ ᠴᠢᠰᠤ ᠲᠡᠶ ᠳᠠᠪᠠᠯᠭᠠᠯᠠᠭᠠᠤᠨ ᠥᠩᠭᠡᠷᠡᠭ᠍ᠰᠡᠨ ᠡᠳᠦᠷ ᠬᠤᠨᠤᠭ

ᠨᠢᠭᠦᠯ ᠭᠢᠯᠢᠠᠴᠠ ᠶᠢᠨ ᠳᠠᠮᠠᠭ᠎ᠠ ᠪᠠᠨ ᠨᠢᠷᠤᠭᠤᠨ ᠳᠤ ᠴᠢᠨᠢ

ᠪᠦᠭ᠍ᠳᠥᠢᠳᠡᠯ᠎ᠡ ᠳᠠᠷᠤᠭᠰᠠᠨ᠂ ᠥᠴᠦᠭᠡᠳᠦᠷ︕

ᠢᠨᠢᠶᠠᠳᠤ ᠮᠦᠰᠢᠶᠠᠳᠤ ᠲᠡᠶ ᠨᠠᠯᠮᠠᠢ᠌ᠨ ᠮᠠᠠᠳᠤᠭᠰᠠᠨ ᠨᠠᠷᠠ ᠰᠠᠷᠠ

ᠠᠵᠠ ᠵᠢᠷᠭᠠᠯ ᠤᠨ ᠳᠤᠶᠠᠭ᠎ᠠ ᠪᠠᠨ ᠵᠢᠷᠦᠭᠡᠨ ᠳᠤ ᠴᠢᠨᠢ

ᠭᠡᠳᠡᠢ᠌ᠳᠡᠯ᠎ᠡ ᠳᠤᠰᠬᠠᠭᠰᠠᠨ᠂ ᠦᠨᠦᠳᠤᠷ︕

ᠠᠷᠠᠤᠨ ᠲᠦᠮᠡᠨ ᠮᠢᠨᠢ︕

ᠴᠢᠯᠠᠭᠤᠨ ᠪᠣᠷᠬᠠᠳ ᠢ ᠴᠠᠪᠴᠢᠵᠤ ᠠᠮᠢᠯᠠᠭᠤᠯᠤᠭᠰᠠᠨ ᠠᠯᠤᠬ᠎ᠠ ᠰᠥᠭᠡ

ᠴᠠᠭᠠᠨ ᠭᠡᠷᠡᠮ ᠢ ᠪᠣᠰᠬᠠᠵᠤ ᠳᠠᠯᠪᠢᠭᠰᠠᠨ ᠵᠠᠷ ᠵᠡᠪᠰᠡᠭ᠌

ᠰᠢᠳᠤᠷᠭᠤ ᠭᠦᠯᠦᠰᠤ ᠪᠠᠨ ᠣᠷᠤᠰᠬᠠᠵᠤ ᠶᠠᠪᠣᠭᠰᠠᠨ ᠡᠭᠡᠯ ᠪᠠᠢ᠌ᠷᠢ︕

ᠠᠷᠠᠤᠨ ᠲᠦᠮᠡᠨ ᠮᠢᠨᠢ︕

ᠥᠩᠰᠢᠭ᠌ ᠭᠤᠪᠢ ᠶᠢ ᠥᠭᠡᠷ ᠳᠡᠷᠭᠡ ᠪᠠᠷ ᠳᠤᠭᠤᠯᠤᠭᠰᠠᠨ ᠵᠠᠮ

ᠣᠷᠭ᠎ᠠ ᠶᠢᠨ ᠥᠵᠦᠭᠦᠷ ᠲᠦᠮᠡᠨ ᠣᠳᠤ ᠶᠢ ᠬᠤᠮᠪᠢᠭᠰᠠᠨ ᠴᠢᠳᠠᠯ

ᠣᠰᠤ ᠨᠠᠭᠤᠷ ᠶᠢᠡᠨ ᠰᠢᠭ ᠰᠠᠤᠠᠭᠢᠯ ᠴᠠᠢ᠌ᠯᠭᠠᠨ ᠠᠮᠢᠳᠤᠷᠠᠵᠤ ᠰᠤᠷᠤᠭᠰᠠᠨ ᠣᠬᠠᠭᠠᠨ

ᠠᠷᠢᠭᠢᠨ ᠰᠢᠷ᠎ᠠ ᠳᠤ ᠣᠢ᠌ᠭ᠎ᠠ ᠦᠭᠡᠶ ᠮᠢᠡᠴᠦᠭᠦᠷᠡᠵᠤ ᠰᠢᠨᠦᠭ᠍ᠰᠡᠨ ᠭᠠᠷᠤᠵᠠ

ᠠᠷᠠᠤᠨ ᠲᠦᠮᠡᠨ ᠮᠢᠨᠢ︕

ᠠᠶᠤᠯᠳᠤ ᠳᠠᠢ᠌ᠨ ᠢ ᠵᠢᠷᠦᠭᠡᠨ ᠳᠡᠭᠡᠨ ᠳᠡᠭᠡᠭᠡᠵᠤ

ᠠᠶᠠᠯᠠᠭᠠᠤᠨ ᠭᠠᠷᠤᠭᠰᠠᠨ ᠠᠮᠢ ᠨᠠᠰᠤ

ᠠᠪᠣᠷᠭᠤ ᠳᠡᠦᠭᠡ ᠶᠢ ᠨᠢᠷᠤᠭᠤᠨ ᠳᠠᠭᠠᠨ ᠡᠭᠦᠷᠴᠤ

ᠮᠥᠯᠭᠦᠭᠡᠤᠨ ᠢᠷᠡᠭ᠍ᠰᠡᠨ ᠴᠤᠭ ᠵᠤᠯᠢ

ᠠᠯᠳᠠ ᠮᠥᠩᠭᠦ ᠪᠠᠷ ᠠᠷᠠᠯᠵᠢᠭᠠᠤᠨ ᠣᠯᠬᠤ ᠦᠭᠡᠶ

ᠠᠷᠢᠭᠤᠨ ᠰᠠᠢ᠌ᠬᠠᠨ ᠴᠢᠨᠠᠷ

ᠠᠯᠳᠠᠵᠤ ᠬᠠᠶᠠᠵᠤ ᠣᠷᠭᠢᠭᠠᠤᠨ ᠪᠣᠯᠬᠤ ᠦᠭᠡᠶ

ᠦᠨᠢ ᠮᠥᠩᠭᠡ ᠶᠢᠨ ᠭᠠᠪᠢᠶ᠎ᠠ

ᠠᠷᠠᠤᠨ ᠲᠦᠮᠡᠨ ᠮᠢᠨᠢ︕

ᠴᠠᠮᠴᠠᠢ᠌ᠨ ᠳᠤᠭᠢᠯᠠᠬᠤ ᠴᠡᠴᠡᠭ᠌ ᠶᠢᠡᠨ ᠡᠪᠦᠷᠯᠡᠭᠡᠤᠨ

ᠭᠡᠦᠭᠡᠤᠨ ᠶᠢᠡᠨ ᠰᠠᠨᠠᠳᠠᠭ ᠳᠤᠭᠳᠤᠯᠤᠯ

ᠴᠠᠯᠮᠠᠢ᠌ᠨ ᠳᠤᠯᠠᠢ᠌ᠬᠤ ᠥᠤᠷ ᠶᠢᠡᠨ ᠣᠭᠳᠤᠭᠠᠤᠨ

ᠠᠵᠢᠯ ᠳᠠᠭᠠᠨ ᠭᠠᠷᠳᠠᠭ ᠣᠮᠤᠭᠰᠢᠯ

ᠴᠠᠭᠠᠬᠠᠨ ᠥᠷᠦᠭᠡᠨ ᠳᠡᠭᠡᠨ ᠳᠠᠪᠠᠯᠠᠭ ᠰᠠᠭᠠᠳᠠᠭᠠᠤᠨ

ᠲ᠋ᠡᠯᠡᠭᠡᠢ ᠶᠢ ᠰᠤᠪᠢᠳᠠᠭ ᠣᠬᠠᠭᠠᠷᠠᠯ

ᠴᠡᠯᠡᠭᠡᠷ ᠳᠠᠯ᠎ᠠ ᠪᠠᠨ ᠨᠠᠷᠠᠯᠠᠭ ᠰᠡᠳᠭᠢᠭᠡᠤᠨ

ᠲ᠋ᠡᠭ᠍ᠵᠢᠷᠡᠯ ᠢ ᠰᠣᠢ᠌ᠳᠠᠭ ᠰᠢᠭᠤᠳᠤᠯ

ᠠᠷᠠᠤᠨ ᠲᠦᠮᠡᠨ ᠮᠢᠨᠢ︕

ᠠᠰᠢᠭ ᠤᠨ ᠬᠣᠢ᠌ᠨ᠎ᠠ ᠡᠴᠡ ᠰᠢᠳᠤ ᠪᠠᠨ ᠢᠷᠯᠠᠵᠤ ᠮᠢᠷᠠᠳᠠᠭ ᠦᠭᠡᠶ

ᠦᠨᠡᠨ ᠤ ᠡᠮᠦᠨ᠎ᠡ ᠡᠴᠡ ᠠᠮᠢ ᠪᠠᠨ ᠳᠠᠯᠪᠢᠭᠠᠤᠨ ᠰᠢᠭᠤᠷᠠᠳᠠᠭ ᠪᠠᠷᠰ

ᠭᠠᠴᠢᠭ ᠵᠤᠪᠠᠯᠠᠩ ᠳᠤ ᠨᠥᠭᠦᠷ ᠶᠢᠡᠨ ᠬᠠᠶᠠᠭᠠᠤᠨ ᠵᠠᠢ᠌ᠯᠠᠳᠠᠭ ᠦᠭᠡᠶ

ᠭᠠᠷ ᠶᠢᠡᠨ ᠬᠤᠯᠪᠤᠨ ᠲᠡᠳᠬᠦᠭᠡᠤᠨ ᠶᠠᠪᠣᠳᠠᠭ ᠪᠣᠷᠬᠠᠨ

ᠠᠷᠠᠤᠨ ᠲᠦᠮᠡᠨ ᠮᠢᠨᠢ︕

ᠰᠠᠨᠠᠭᠠᠨ ᠡᠴᠡ ᠵᠥᠰᠡᠷᠡᠭᠦ ᠰᠦ᠋ ᠲᠡᠶ ᠴᠡᠩᠭᠡᠷ ᠪᠣᠷᠤᠭ᠎ᠠ ᠪᠠᠨ

ᠰᠠᠤᠠᠭᠢᠯ ᠪᠣᠯᠭᠠᠵᠤ ᠳᠦᠷᠪᠡᠨ ᠵᠥᠭ᠌ ᠲᠡᠭᠡᠨ ᠰᠠᠴᠤᠳᠠᠭ᠂

ᠰᠠᠯᠠᠭᠠᠨ ᠳᠤ ᠵᠢᠷᠭᠢᠭᠦ ᠳᠠᠭᠤᠤ ᠲᠡᠶ ᠴᠡᠯᠡᠭᠡᠷ ᠰᠠᠯᠭᠢ ᠪᠠᠨ

ᠰᠠᠷᠬᠤᠤᠨ ᠪᠣᠯᠭᠠᠵᠤ ᠳᠤᠯᠭᠠᠨ ᠬᠠᠪᠢ ᠳᠠᠭᠠᠨ ᠠᠮᠳᠠᠯᠠᠳᠠᠭ

ᠠᠷᠠᠤᠨ ᠲᠦᠮᠡᠨ ᠮᠢᠨᠢ︕

ᠣᠨᠠᠭᠰᠠᠨ ᠭᠠᠵᠠᠷ ᠲᠠᠭᠠᠨ ᠭᠦᠡᠳᠤ ᠭᠡᠪᠳᠡᠷᠢ ᠬᠠᠯᠠᠭᠤᠨ ᠬᠠᠢ᠌ᠷ

ᠣᠷᠭᠤᠭᠰᠠᠨ ᠭᠢᠷ᠎ᠠ ᠳᠠᠭᠠᠨ ᠳᠦᠪ᠂ ᠦᠨᠳᠦᠰᠦ ᠪᠠᠭᠢ ᠨᠠᠷᠠᠰᠤ

ᠡᠭᠦᠷ ᠬᠠᠳᠠᠨ ᠳᠠᠭᠠᠨ ᠡᠨᠡᠭ᠍ᠰᠢᠯ ᠲᠡᠶ ᠦᠨᠳᠦᠷ ᠴᠣᠢ᠌ᠯᠠᠬᠤ ᠪᠦᠷᠭᠦᠤᠨ

ᠦᠶ᠎ᠡ ᠶᠢᠨ ᠦᠶ᠎ᠡ ᠳᠡᠭᠡᠨ ᠥᠪᠯᠡᠭᠦ ᠦᠩ ᠳᠠᠩᠰᠤᠭ ᠨᠤᠳᠤᠭ

ᠠᠷᠠᠤᠨ ᠲᠦᠮᠡᠨ ᠮᠢᠨᠢ︕

ᠣᠶᠤᠨ ᠤ ᠠᠰᠬ᠎ᠠ ᠳᠤ ᠪᠢᠯᠢᠭ᠌ ᠢ ᠢᠷᠯᠡᠭ᠍ᠴᠢ

ᠬᠠᠩᠭ᠋ᠠᠢ ᠭᠦᠳᠡᠭᠡ ᠶᠢᠨ ᠴᠢᠳᠠᠪᠣᠷᠢᠳᠠᠨ

ᠣᠳᠤᠳᠠᠢ ᠳᠡᠭ᠍ᠷᠢ ᠳᠤ ᠭᠦᠯᠦᠭ᠌ ᠢ ᠨᠢᠰᠭᠡᠭ᠍ᠴᠢ

ᠬᠤᠷᠸ᠎ᠠ ᠶ‍ᠢᠷᠳᠢᠠᠴᠤ ᠶᠢᠨ ᠡᠵᠡᠨ

ᠠᠷᠠᠤᠨ ᠲᠦᠮᠡᠨ ᠮᠢᠨᠢ︕

ᠨᠠᠢ᠌ᠷᠠᠮᠳᠠᠭᠤ ᠳᠠᠭᠤᠯᠠᠯ ᠳᠤ ᠨᠠᠷᠠᠨ ᠢ ᠱᠠᠯᠠᠭᠴᠢ

ᠪᠠᠶᠠᠷ ᠤᠨ ᠡᠭᠡᠰᠢᠭ᠌ ᠳᠡᠭᠦᠰᠭᠡᠯ ᠦᠭᠡᠶ

ᠨᠠᠯᠠᠭᠠᠷ ᠪᠠᠢ᠌ᠭᠠᠯᠢ ᠳᠤ ᠪᠣᠶᠠᠨ ᠢ ᠡᠳ᠋ᠯᠡᠭ᠍ᠴᠢ ᠨᠠᠰᠤᠨ ᠤ ᠠᠵᠠ ᠭᠢᠵᠠᠭᠠᠷ ᠦᠭᠡᠶ

ᠠᠷᠠᠤᠨ ᠲᠦᠮᠡᠨ ᠮᠢᠨᠢ ᠡ ᠁

ᠵᠤᠬᠢᠶᠠᠭᠴᠢ᠄ ᠴ·ᠮᠦᠩᠭᠦᠨ‍ᠡᠷᠳᠡᠨᠢ
ᠢᠷᠡᠯᠲᠡ᠄ ᠴ·ᠮᠦᠩᠭᠦᠨ‍ᠡᠷᠳᠡᠨᠢ
ᠬᠠᠷᠢᠶ᠎ᠠ᠄ ᠰᠢᠯᠦᠭ
ᠳᠠᠷᠤᠮ᠄ 3593
ᠴᠠᠭ᠄ 2008 ᠤᠨ ᠤ 10 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ