ᠨᠡᠪᠲᠡᠷᠡᠨ ᠤᠷᠤᠬᠤ
ᠨᠠᠰᠤᠨ ᠤ ᠳᠦᠷᠪᠠᠨ ᠣᠯᠠᠷᠢᠯ

ᠨᠠᠷᠠᠨ ᠤ ᠳᠤᠶᠠᠭ᠎ᠠ ᠰᠤᠯᠤᠩᠭ᠋ᠠᠷᠠᠬᠤ

ᠬᠠᠪᠣᠷ ᠤᠨ ᠳᠤᠯᠠᠭᠠᠨ ᠣᠯᠠᠷᠢᠯ ᠳ᠋ᠤ

ᠮᠢᠨᠤ ᠪᠠᠯᠴᠢᠷ ᠨᠠᠰᠤ

ᠬᠠᠭᠳᠠ ᠶᠢ ᠲᠦᠯᠭᠢᠵᠤ ᠰᠤᠶᠤᠭᠠᠯᠠᠨ᠎ᠠ


ᠮᠢᠩᠭ᠋ᠠᠨ ᠴᠡᠴᠡᠭ᠌ ᠭᠠᠩᠬᠤᠬᠤ

ᠵᠤᠨ ᠤ ᠭᠤᠸ᠎ᠠ ᠣᠯᠠᠷᠢᠯ ᠳ᠋ᠤ

ᠮᠢᠨᠤ ᠵᠠᠯᠠᠭᠤ ᠨᠠᠰᠤ

ᠵᠤᠯᠠ ᠴᠡᠴᠡᠭ᠌ ᠰᠢᠭ᠌ ᠪᠠᠳᠮᠠᠯᠠᠨ᠎ᠠ


ᠨᠠᠭᠤᠷ ᠤᠨ ᠣᠰᠤ ᠳᠤᠨᠤᠯᠵᠠᠬᠤ

ᠨᠠᠮᠤᠷ ᠤᠨ ᠰᠢᠷᠭᠠᠯ ᠣᠯᠠᠷᠢᠯ ᠳ᠋ᠤ

ᠮᠢᠨᠤ ᠢᠳᠠᠷ ᠨᠠᠰᠤ

ᠨᠠᠷᠠᠰᠤᠨ ᠤ ᠳᠠᠪᠢᠷᠠᠬᠠᠢ ᠰᠢᠭ ᠠᠩᠭᠢᠯᠤᠨ᠎ᠠ


ᠣᠳᠤᠨ ᠴᠡᠴᠡᠭ᠌ ᠯᠠᠪᠰᠠᠯᠠᠬᠤ

ᠡᠪᠦᠯ ᠤᠨ ᠭᠢᠯᠠᠭᠠᠨ ᠣᠯᠠᠷᠢᠯ ᠳ᠋ᠤ

ᠮᠢᠨᠤ ᠪᠣᠭᠤᠷᠤᠯ ᠨᠠᠰᠤ

ᠮᠥᠩᠭᠡ ᠴᠠᠰᠤᠳᠤ ᠰᠢᠭ ᠭᠢᠯᠠᠯᠵᠠᠨ᠎ᠠ


ᠵᠤᠬᠢᠶᠠᠭᠴᠢ ᠶᠢᠨ ᠬᠠᠶ‍ᠢᠭ᠄ ᠰᠢᠠᠵᠢᠶᠠᠩ ᠢᠯᠢ ᠵᠸᠤ ᠶᠢᠨ ᠳᠤᠷᠰᠢᠯᠳᠠ ᠶᠢᠨ ᠳᠤᠮᠳᠠᠳᠤ ᠰᠤᠷᠭᠠᠭᠤᠯᠢ

ᠵᠤᠬᠢᠶᠠᠭᠴᠢ᠄ ᠭᠠᠩᠭ᠋᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2010 ᠤᠨ ᠤ 08 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ