☆ ᠰ·ᠡᠩᠬᠡ
ᠢᠷᠠᠭᠤ ᠨᠠᠢ᠌ᠷᠠᠭ ᠤᠨ ᠬᠦᠭᠵᠢᠯᠲᠡ ᠶᠢᠨ ᠬᠠᠷᠰᠢ
ᠢᠷᠠᠭᠤ ᠨᠠᠢ᠌ᠷᠠᠭ ᠤᠨ ᠨᠠᠭᠠᠳᠤᠮ ᠣᠯᠠᠳᠠᠵᠤ ᠪᠠᠢ᠌ᠬᠤ ᠨᠢ ᠰᠠᠢ᠌ᠨ ᠣᠴᠢᠷ᠂ ᠬᠠᠷᠢᠨ ᠨᠠᠭᠠᠳᠤᠮ ᠤᠨ ᠱᠠᠩ ᠢ ᠭᠡᠨ ᠳᠤ ᠣᠯᠭᠤᠬᠤ ᠭᠡᠳᠡᠭ᠌ ᠢ ᠭᠡᠳᠦᠭᠡᠨ ᠭᠦᠮᠤᠨ᠂ ᠴᠢᠨᠠᠭᠰᠢ ᠨᠠᠢ᠌ᠳᠠᠪᠣᠷᠢ ᠲᠡᠶ ᠭᠡᠯᠡᠪᠠᠯ ᠡᠷᠭᠡ ᠢ ᠨᠢ ᠳᠤᠪ ᠭᠢᠳᠠᠯ᠎ᠠ ᠠᠤᠠᠬᠤᠭᠰᠠᠨ ᠨᠢᠭᠡ ᠯᠠ ᠭᠦᠮᠤᠨ ᠤ ᠳᠤᠭᠢᠯᠳᠠ ᠪᠠᠷ᠂ ᠭᠡᠨ ᠭᠡᠨ ᠳᠤ ᠦᠭᠭᠦ ᠪᠠᠨ ᠣᠷᠢᠳᠠᠪᠠᠷ ᠳᠤᠭᠳᠠᠳᠠᠭ ᠨᠢ ᠮᠠᠭᠤ ᠣᠴᠢᠷ᠂ ᠳᠠᠷᠠ ᠨᠢ ᠨᠢᠭᠡ ᠭᠠᠵᠠᠷ ᠣᠷᠤᠨ ᠤ ᠢᠷᠠᠭᠤ ᠨᠠᠢ᠌ᠷᠠᠭ ᠤᠨ ᠭᠦᠭ᠍ᠵᠢᠯᠳᠡ ᠳᠤ ᠳᠤᠮᠤ ᠬᠠᠷᠰᠢ᠃ ᠢᠷᠠᠭᠤ ᠨᠠᠢ᠌ᠷᠠᠭ ᠤᠨ ᠨᠠᠭᠠᠳᠤᠮ ᠭᠢᠵᠠᠢ ᠭᠡᠵᠤ ᠪᠣᠳᠤᠶ᠎ᠠ︕ 〈ᠰᠢᠳᠤᠷᠭᠤ ᠪᠠᠷ ᠰᠢᠭᠦᠪᠠᠯ ᠁〉 ᠭᠡᠵᠤ ᠳᠤᠳᠤᠷ᠎ᠠ ᠳᠤᠳᠤᠷ᠎ᠠ ᠪᠠᠨ ᠨᠠᠭᠤᠢ ᠳᠠᠮᠢᠷ ᠲᠡᠶ ᠪᠣᠳᠤᠭᠰᠠᠨ ᠣᠯᠠᠩᠭᠢ ᠨᠠᠢ᠌ᠷᠠᠭᠴᠢᠳ ᠤᠨ ᠭᠦᠰᠡᠯ ᠭᠠᠵᠠᠷᠳᠠᠵᠤ᠂ ᠨᠠᠭᠠᠳᠤᠮ ᠡᠷᠭᠢᠯᠡᠭ᠍ᠰᠡᠨ ᠭᠠᠵᠠᠷ ᠨᠤᠳᠤᠭ ᠤᠨ ᠨᠠᠢ᠌ᠷᠠᠭᠴᠢ ᠳᠡᠷᠢᠭᠦᠨ ᠱᠠᠩ ᠶᠢᠡᠨ ᠳᠤᠰᠬᠤ ᠨᠢ ᠵᠥᠩᠳᠡᠭᠡᠨ᠂ ᠦᠨᠡᠨ ᠳᠡᠭᠡᠨ ᠠᠪᠬᠤ ᠦᠭᠡᠶ ᠳᠤ ᠪᠣᠯᠬᠤ ᠶᠠᠭᠤᠮ᠎ᠠ ᠶᠢ ᠮᠠᠨᠠᠢ᠌ᠭᠢᠨ ᠤ ᠡᠷᠭᠡ ᠲᠡᠶ ᠭᠦᠡᠳᠤ ᠲᠡᠶ ᠭᠡᠮᠡᠭ᠍ᠴᠢᠳ ᠣᠷᠢᠳᠠᠭᠤᠷ ᠶᠢᠡᠨ ᠭᠠᠷᠭᠠᠬᠤ ᠦᠭᠡᠶ ᠨᠢ ᠨᠢᠭᠡᠨᠲᠡ ᠭᠡᠪᠰᠢᠭ᠍ᠰᠡᠨ ᠳᠠᠤᠠᠬᠠᠯ ᠪᠣᠯᠴᠢᠬᠠᠵᠠᠢ᠂ ᠳᠠᠳᠠᠨ ᠳᠤ ᠵᠠᠯᠠᠭᠤᠰ ᠶᠢᠡᠨ ᠣᠷᠮᠠᠰᠢᠭᠤᠯᠤᠨ ᠵᠤᠷᠢᠭᠵᠢᠭᠤᠯᠬᠤ᠂ ᠳᠡᠭᠡᠭ᠍ᠰᠢ ᠳᠠᠳᠠᠬᠤ ᠭᠡᠮᠡᠭᠦ ᠢᠳᠠᠪᠭᠢᠳᠠᠢ ᠠᠵᠢᠯᠯᠠᠭ᠎ᠠ᠂ ᠰᠢᠭᠤᠷᠬᠠᠢ ᠠᠪᠳᠠᠯ ᠠᠯᠠᠭ᠎ᠠ᠂ ᠬᠤᠰᠢᠭᠤ ᠬᠤᠳᠠ ᠣᠷᠤᠨ ᠤ ᠳᠠᠰ ᠭᠡᠵᠤ ᠢᠯᠭᠠᠯ ᠦᠭᠡᠶ᠂ ᠠᠪᠬᠤ ᠯᠠ ᠶᠤᠰᠤᠳᠠᠢ ᠭᠡᠰᠡᠨ ᠰᠢᠭ᠌ ᠠᠪᠴᠤ ᠯᠠ ᠪᠠᠢ᠌ᠨ᠎ᠠ᠂ ᠶᠡᠭᠡ ᠯᠠ ᠠᠯᠪᠠᠷᠬᠠᠤ ᠵᠠᠩ ᠭᠠᠷᠭᠠᠴᠢᠬᠠᠭᠰᠠᠨ᠂ ᠣᠷᠠᠨ ᠵᠤᠬᠢᠶᠠᠯ ᠳᠠᠳᠠ ᠪᠠᠢ᠌ᠬᠤ ᠦᠭᠡᠶ ᠪᠣᠯ ᠭᠦᠭ᠍ᠵᠢᠯ ᠶᠢᠡᠨ ᠣᠯᠬᠤ ᠦᠭᠡᠶ ᠶᠤᠮ ᠰᠢᠭ᠌ ᠰᠡᠭᠡᠷ ᠭᠠᠷᠭᠠᠨ ᠠᠭᠠᠰᠢᠯᠠᠬᠤ ᠶᠢ ᠨᠢ ᠬᠠᠷᠠᠬᠤ ᠳᠤ ᠪᠦᠭᠡᠯᠵᠢᠰᠤ ᠬᠤᠳᠬᠤᠮᠠᠷ᠂ ᠵᠢᠱᠢᠯᠳᠠ ᠡᠴᠠ ᠭᠠᠷᠬᠤ ᠦᠭᠡᠶ ᠳᠡᠳᠡᠭᠡᠷ ᠭᠡᠳᠤᠨ ᠨᠠᠢ᠌ᠷᠠᠭᠴᠢ ᠱᠠᠩ ᠳᠤᠰᠬᠤ ᠶᠢ ᠮᠡᠳᠡᠭ᠍ᠰᠡᠨ ᠪᠣᠯ᠂ ᠳᠡᠭᠡᠵᠤ ᠯᠠ ᠮᠠᠨ ᠢ ᠠᠯᠪᠠᠳᠠᠵᠤ 〈ᠪᠢᠴᠢᠭᠦ ᠭᠡᠷᠡᠭ᠍ᠳᠡᠢ᠂ ᠪᠦᠭᠦᠳᠡᠭᠡᠷ ᠣᠷᠤᠯᠴᠠᠬᠤ ᠭᠡᠷᠡᠭ᠍ᠳᠡᠢ〉 ᠭᠡᠮᠡᠨ ᠠᠯᠪᠠᠨ ᠤ ᠠᠶᠠᠰ ᠳᠠᠳᠠᠭᠠᠤᠨ ᠶᠠᠭᠠᠭᠢᠬᠤ ᠭᠡᠰᠡᠨ ᠪᠣᠯ ︖ ᠭᠡᠵᠤ ᠪᠢ ᠪᠣᠳᠤᠵᠤ ᠪᠠᠢ᠌ᠭᠰᠠᠨ ᠰᠢᠤ︕
ᠪᠠᠶ᠎ᠠ ᠪᠠᠨ ᠳᠤᠭᠤᠭᠰᠠᠨ᠂ ᠳᠡᠭᠡᠭ᠍ᠰᠢ ᠪᠠᠨ ᠬᠠᠷᠠᠬᠤ ᠡᠴᠠ ᠪᠢᠰᠢ᠂ ᠳᠤᠭᠤᠭᠰᠢ ᠪᠠᠨ ᠥᠵᠡᠭᠦ ᠦᠭᠡᠶ ᠨᠢᠭᠡ ᠪᠦᠯᠦᠭ᠌ ᠣᠷᠠᠨ ᠪᠦᠳᠦᠭᠡᠯᠴᠢ ᠭᠡᠮᠡᠭ᠍ᠴᠢᠳ ᠨᠢᠭᠡ ᠭᠠᠵᠠᠷ ᠣᠷᠤᠨ ᠤ ᠣᠷᠠᠨ ᠵᠤᠬᠢᠶᠠᠯ ᠤᠨ ᠭᠦᠭ᠍ᠵᠢᠯᠳᠡ ᠶᠢ ᠪᠣᠰᠤᠳ ᠤᠨ ᠠᠩᠵᠢᠶᠠᠷᠠᠨ ᠣᠯᠬᠤ ᠦᠭᠡᠶ ᠳᠠᠯᠳᠠ ᠶᠢᠨ ᠭᠦᠴᠤ ᠪᠠᠷ ᠳᠡᠭᠡᠷᠡᠩᠭᠦᠢ ᠵᠠᠭᠢᠷᠴᠤ ᠪᠠᠢ᠌ᠬᠤ ᠨᠢ ᠳᠤᠰ ᠭᠠᠵᠠᠷ ᠣᠷᠤᠨ ᠤ ᠣᠷᠠᠨ ᠵᠤᠬᠢᠶᠠᠯ ᠤᠨ ᠵᠢᠮ᠎ᠠ ᠶᠤᠰᠤᠴᠢ ᠭᠦᠭ᠍ᠵᠢᠯᠳᠡ ᠶᠢ ᠬᠠᠷᠰᠢᠯᠠᠵᠤ ᠪᠠᠢ᠌ᠬᠤ ᠭᠡᠳᠡᠭ᠌ ᠢ ᠮᠠᠨᠠᠢ᠌ᠭᠢᠨ ᠤ ᠵᠠᠯᠠᠭᠤᠰ ᠨᠢᠭᠡᠨᠲᠡ ᠴᠠᠭᠠᠨ᠎ᠠ ᠨᠢ ᠭᠠᠷᠳᠠᠯ᠎ᠠ ᠮᠠᠳᠠᠵᠤ᠂ ᠡᠰᠡᠷᠭᠦ ᠶᠠᠭᠤᠮ᠎ᠠ ᠪᠢᠴᠢᠵᠤ ᠡᠭᠢᠯᠡᠭ᠍ᠰᠡᠨ ᠨᠢ ᠮᠠᠭᠳᠠᠭᠤᠰᠢᠳᠠᠢ᠃ ᠡᠨᠡ ᠪᠦᠯᠦᠭ᠌ ᠭᠦᠮᠦᠰ ᠵᠠᠯᠠᠭᠤᠰ ᠤᠨ ᠪᠢᠴᠢᠵᠤ ᠪᠠᠢ᠌ᠭ᠎ᠠ᠂ ᠮᠡᠳᠡᠷᠡᠭ᠍ᠳᠡᠵᠤ ᠪᠠᠢ᠌ᠭ᠎ᠠ ᠵᠣᠢ᠌ᠯ ᠢ ᠳᠠᠭᠠᠵᠤ ᠠᠮᠵᠢᠬᠤ ᠦᠭᠡᠶ ᠪᠠᠨ ᠵᠤᠷᠢᠭᠤᠳᠠ ᠨᠢᠭᠤᠵᠤ᠂ ᠦᠯᠦ ᠳᠤᠭᠤᠮᠰᠠᠷᠯᠠᠭᠰᠠᠨ ᠴᠢᠷᠠᠢ ᠥᠵᠡᠭᠦᠯᠵᠤ᠂ ᠨᠠᠩ ᠵᠠᠷᠢᠮ ᠨᠢ ᠳᠠᠷᠤᠬᠤ ᠡᠰᠡᠭᠦᠯ᠎ᠡ ᠴᠠᠷ᠎ᠠ ᠶᠢᠨ ᠭᠠᠳᠠᠨ᠎ᠠ ᠣᠷᠭᠢᠵᠤ᠂ ᠵᠠᠪᠰᠢᠶᠠᠨ ᠣᠯᠭᠤᠳᠠᠭ ᠦᠭᠡᠶ ᠪᠠᠢ᠌ᠯ᠎ᠠ᠂ ᠡᠨᠡ ᠪᠦᠯᠦᠭ᠌ ᠭᠦᠮᠦᠰ ᠵᠠᠯᠠᠭᠤᠰ ᠳᠠᠳᠠᠨ ᠢ ᠳᠠᠪᠠᠵᠤ ᠭᠠᠷᠬᠤ ᠡᠴᠠ ᠯᠠ ᠥᠭᠦᠨ ᠠᠶᠤᠨᠡ᠂ ᠦᠨᠡᠨ ᠳᠡᠭᠡᠨ ᠳᠠᠳᠠ ᠣᠯᠬᠤ ᠶᠤᠰᠤᠳᠠᠢ ᠪᠠᠨ ᠣᠯᠤᠭᠰᠠᠨ ᠪᠠᠢ᠌ᠭ᠎ᠠ ᠶᠤᠮ᠂ ᠨᠠᠭᠠᠨ᠎ᠠ ᠵᠠᠬ᠎ᠠ ᠨᠢ ᠦᠪᠣᠷ ᠮᠤᠩᠭ᠋ᠤᠯ ᠤᠨ ᠣᠷᠠᠨ ᠵᠤᠬᠢᠶᠠᠯ ᠤᠨ ᠭᠦᠷᠢᠶᠡᠨ ᠳᠤ᠃ ᠣᠳᠤ ᠳᠠᠳᠠ ᠰᠢᠡᠵᠢᠯᠡᠭᠦ ᠣᠬᠠᠭᠠᠠᠴᠢ ᠭᠦᠭ᠍ᠵᠢᠯᠳᠡ ᠶᠢᠨ ᠦᠵᠡᠯᠳᠠ ᠪᠠᠷ ᠦᠪᠡᠷ ᠤᠨ ᠪᠠᠶ᠎ᠠ ᠳᠡᠭᠡᠨ ᠣᠷᠤᠰᠢᠵᠤ ᠪᠠᠢ᠌ᠭ᠎ᠠ ᠠᠰᠠᠭᠤᠳᠠᠯ ᠶᠢᠡᠨ ᠰᠢᠡᠵᠢᠯᠡᠭᠦ ᠣᠬᠠᠭᠠᠠᠴᠢ ᠪᠠᠷ ᠵᠠᠳᠠᠯᠵᠤ ᠪᠣᠯᠤᠨ᠎ᠠ᠂ ᠡᠭᠦᠨ ᠢ ᠭᠦᠮᠤᠨ ᠶᠢᠡᠷ ᠭᠡᠯᠡᠭᠦᠯᠭᠦ ᠭᠡᠷᠡᠭ᠌ ᠦᠭᠡᠶ ᠶᠤᠮ᠃
ᠢᠷᠠᠭᠤ ᠨᠠᠢ᠌ᠷᠠᠭ ᠭᠦᠭ᠍ᠵᠢᠭᠦ ᠪᠠᠷ ᠶᠢᠡᠨ ᠭᠦᠭ᠍ᠵᠢᠨ᠎ᠡ᠂ ᠭᠡᠪᠠᠴᠤ ᠡᠳᠡᠭᠡᠷ ᠭᠦᠮᠦᠰ ᠭᠠᠵᠠᠷ ᠡᠵᠡᠯᠡᠵᠤ ᠯᠠ ᠪᠠᠢ᠌ᠪᠠᠯ ᠠᠪᠢᠶᠠᠰ ᠲᠡᠶ ᠨᠠᠢ᠌ᠷᠠᠭᠴᠢ ᠶᠢ ᠭᠡᠴᠢᠨᠡᠨ ᠪᠣᠯᠠᠰᠢᠯᠠᠬᠤ ᠶᠢ ᠮᠡᠳᠡᠭᠦ ᠦᠭᠡᠶ᠂ ᠳᠠᠳᠠ ᠠᠤᠠᠬᠤᠨ ᠳ᠋ᠠᠭᠢ ᠡᠷᠭᠡ ᠪᠠᠨ ᠭᠡᠷᠡᠭᠯᠡᠭᠡᠤᠨ ᠭᠠᠷᠮᠠᠭᠠᠢ ᠪᠣᠯᠴᠢᠬᠠᠭᠰᠠᠨ ᠶᠤᠮ ᠴᠢᠨᠢ ᠁
2009.09.19 ᠪᠠᠶᠠᠨᠬᠦ᠋ᠷᠢᠶ᠎ᠡ ᠳ᠋ᠤ
ᠵᠤᠬᠢᠶᠠᠭᠴᠢ ᠶᠢᠨ ᠬᠠᠶᠢᠭ ᠄ ᠬᠠᠭᠤᠴᠢᠨ ᠪᠠᠷᠭᠤ ᠬᠤᠰᠢᠭᠤ
ᠵᠤᠬᠢᠶᠠᠭᠴᠢ᠄ ᠰ·ᠡᠩᠬᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯ ᠰᠢᠭᠦᠮᠵᠢᠳᠠᠷᠤᠮ᠄ 16913
ᠴᠠᠭ᠄ 2010 ᠤᠨ ᠤ 06 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ