ᠨᠡᠪᠲᠡᠷᠡᠨ ᠤᠷᠤᠬᠤ
ᠡᠷ᠎ᠡ ᠭᠦᠮᠤᠨ ᠤ ᠭᠦᠭᠡ ᠳᠡᠭ᠍ᠷᠢ

ᠡᠷ᠎ᠡ ᠭᠦᠮᠤᠨ ᠤ ᠳᠡᠭ᠍ᠷᠢ ᠪᠣᠯ ᠡᠷᠢᠯ ᠳᠤ ᠪᠠᠨ ᠪᠦᠳᠦᠷᠢᠵᠤ ᠴᠡᠴᠡᠭᠯᠡᠭ᠍ᠰᠡᠨ

ᠬᠠᠢ᠌ᠷ᠎ᠠ ᠶᠢᠨ ᠭᠦᠭᠡ ᠴᠠᠭᠢᠯᠳᠠᠭ ᠲᠡᠶ ᠥᠨᠡᠨ ᠰᠢᠯᠦᠭ᠌ ᠶᠤᠮ


ᠡᠷ᠎ᠡ ᠭᠦᠮᠤᠨ ᠤ ᠳᠡᠭ᠍ᠷᠢ ᠪᠣᠯ ᠡᠷᠭᠡᠯᠵᠡᠯ ᠳᠤ ᠪᠠᠨ ᠪᠠᠳᠠᠷᠢᠵᠤ ᠨᠢᠳᠦᠯᠡᠭ᠍ᠰᠡᠨ

ᠭᠦᠮᠦᠷᠭᠡᠨ ᠴᠡᠩᠭᠡᠷ ᠰᠢᠭᠦᠷ ᠲᠡᠶ ᠰᠦᠨᠠᠰᠤᠨ ᠤ ᠠᠮᠢᠰᠬᠤᠭ᠎ᠠ ᠶᠤᠮ


ᠡᠷ᠎ᠡ ᠭᠦᠮᠤᠨ ᠤ ᠳᠡᠭ᠍ᠷᠢ ᠪᠣᠯ ᠣᠢ᠌ᠯᠠᠰ ᠤᠨ ᠮᠠᠠᠳᠠᠯ ᠳᠤ ᠪᠦᠭᠦᠢᠵᠤ ᠮᠥᠰᠢᠶᠡᠭ᠍ᠰᠡᠨ

ᠭᠦᠮᠦᠡᠯᠢᠭ᠌ ᠶᠤᠰᠤᠨ ᠤ ᠳᠡᠨᠢᠭᠦᠨ ᠬᠤᠭᠤᠰ ᠵᠡᠭᠦᠳᠤᠨ ᠤ ᠳᠠᠨᠢᠯ ᠶᠤᠮ


ᠡᠷ᠎ᠡ ᠭᠦᠮᠤᠨ ᠤ ᠳᠡᠭ᠍ᠷᠢ ᠪᠣᠯ ᠦᠯᠦᠰᠭᠦᠯᠡᠩ ᠶᠤᠰᠤᠨ ᠶᠢᠡᠨ ᠬᠤᠪᠢᠶᠠᠵᠤ ᠠᠮᠰᠠᠭᠰᠠᠨ

ᠭᠦᠭᠡ ᠮᠤᠩᠭ᠋ᠤᠯ ᠭᠡᠯᠡᠨ ᠤ ᠷᠠᠰᠢᠶᠠᠨ ᠪᠣᠯᠠᠭ ᠤᠨ ᠷᠢᠳᠢ ᠰᠢᠳᠢ ᠶᠤᠮ


ᠡᠷ᠎ᠡ ᠭᠦᠮᠤᠨ ᠤ ᠳᠡᠭ᠍ᠷᠢ ᠪᠣᠯ ᠳᠡᠷᠭᠡᠯ ᠰᠡᠷᠡᠨ ᠤ ᠳᠤᠤᠷ᠎ᠠ ᠬᠠᠨᠤᠳᠠᠯ᠎ᠠ ᠲ᠋ᠠᠭᠤᠯᠠᠭᠰᠠᠨ

ᠦᠨᠦᠴᠢᠨ ᠭᠡᠢ᠌ᠪᠦᠩ ᠣᠳᠤᠨ ᠤ ᠨᠣᠢ᠌ᠷᠮᠤᠭ ᠨᠣᠢ᠌ᠳᠠᠨ ᠰᠤᠷᠮᠤᠤᠰᠤ ᠶᠤᠮ


ᠡᠷ᠎ᠡ ᠭᠦᠮᠤᠨ ᠤ ᠳᠡᠭ᠍ᠷᠢ ᠪᠣᠯ ᠶ‍ᠢᠰᠤᠨ ᠪᠣᠯᠠᠭ ᠤᠨ ᠣᠰᠤᠨ ᠤ ᠵᠢᠷᠤᠭ ᠢ ᠰᠤᠨᠢᠷᠬᠠᠭᠰᠠᠨ

ᠣᠯᠠᠨ ᠤ ᠣᠷᠤᠰᠬᠠᠯ ᠳ᠋ᠠᠭᠢ ᠠᠮᠢᠳᠤ ᠭᠠᠭᠴᠠᠭᠠᠷᠳᠠᠮᠠᠯ ᠳᠠᠷᠠᠰᠤᠨ ᠤ ᠠᠮᠳᠠᠷᠬᠠᠯ ᠶᠤᠮ


ᠡᠷ᠎ᠡ ᠭᠦᠮᠤᠨ ᠤ ᠳᠡᠭ᠍ᠷᠢ ᠪᠣᠯ ᠬᠤᠯᠪᠤᠨ ᠪᠣᠳᠤᠯᠳᠠ ᠳᠤ ᠪᠠᠨ ᠳᠠᠷᠪᠠᠯᠵᠠᠨ ᠵᠢᠭᠦᠷᠯᠡᠭ᠍ᠰᠡᠨ

ᠣᠶᠠᠬᠠᠨ ᠨᠠᠷᠠᠨ ᠤ ᠢᠪᠠᠭᠡᠯ ᠲᠡᠶ ᠨᠠᠢ᠌ᠷ ᠤᠨ ᠵᠠᠮ ᠤᠨ ᠭᠢᠴᠢᠶᠡᠩᠭᠦᠢ ᠭᠦᠰᠡᠯ ᠶᠤᠮ᠁


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 13501
ᠴᠠᠭ᠄ 2013 ᠤᠨ ᠤ 03 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ