☆ ᠪᠣᠷᠵᠢᠭᠢᠨ·ᠮᠥᠩᠭᠡᠤ᠋ᠳᠽᠡᠷ
ᠪᠠᠭᠡᠵᠢᠩ ᠬᠤᠳᠠ ᠶᠢᠨ ᠭᠦᠮᠦᠰ ᠬᠠᠯᠠᠭᠤᠨ ᠳᠤᠭᠤᠭᠠᠨ ᠳᠤ ᠳᠤᠷᠠᠳᠠᠢ
ᠪᠠᠭᠡᠵᠢᠩ ᠬᠤᠳᠠ ᠶᠢᠨ ᠭᠦᠮᠦᠰ
ᠬᠠᠯᠠᠭᠤᠨ ᠳᠤᠭᠤᠭᠠᠨ ᠳᠤ ᠳᠤᠷᠠᠳᠠᠢ᠂
ᠪᠠᠯᠴᠢᠵᠤ ᠪᠠᠢ᠌ᠭ᠎ᠠ ᠬᠤᠨᠢᠳ ᠢ
ᠢᠳᠠᠶᠤ᠂ ᠢᠳᠠᠶᠤ ᠳᠤᠷᠠᠳᠠᠢ᠂
ᠰᠢᠳᠠᠮ᠎ᠠ ᠬᠠᠯᠠᠭᠤᠨ ᠨᠠᠷᠠᠨ ᠳᠤ
ᠨᠢᠴᠦᠭᠦᠯᠡᠵᠤ ᠰᠠᠭᠤᠭᠠᠤᠨ ᠢᠳᠡᠵᠡᠭᠡᠳᠡᠭ᠌᠂
ᠴᠠᠰᠤ ᠪᠣᠳᠠᠷᠠᠭᠰᠠᠨ ᠦᠳᠡᠰᠢ ᠴᠤ
ᠭᠦᠯᠦᠷᠡᠵᠤ ᠰᠠᠭᠤᠭᠠᠤᠨ ᠢᠳᠡᠵᠡᠭᠡᠳᠡᠭ᠌᠂
ᠬᠤᠨᠢᠴᠢᠨ ᠡᠷ᠎ᠡ ᠶᠢ ᠦᠨᠦᠷ ᠲᠡᠶ ᠭᠡᠵᠤ
ᠬᠠᠮᠠᠷ ᠶᠢᠡᠨ ᠪᠢᠳᠡᠭᠦᠯᠳᠡᠭ᠌ ᠭᠡᠦᠭᠡᠡᠴᠦᠳ
ᠬᠤᠨᠢᠨ ᠮᠢᠬ᠎ᠠ ᠶᠢ ᠥᠵᠡᠭ᠍ᠰᠡᠭᠡᠷ ᠯᠠ
ᠬᠤᠷᠤᠬᠠᠢ ᠲᠡᠶ ᠶᠤᠮ ᠰᠢᠭ ᠦᠨᠳᠠᠯᠵᠠᠵᠤ ᠪᠠᠢ᠌ᠨ᠎ᠠ᠂
ᠭᠢᠵᠠᠭᠠᠷ ᠤᠨ ᠣᠯᠤᠰ ᠪᠣᠯᠭᠢ ᠭᠡᠵᠤ
ᠬᠤᠯᠠ ᠡᠴᠡ ᠵᠠᠢ᠌ᠯᠠᠳᠠᠭ ᠭᠦᠮᠦᠰ ᠤᠳ
ᠬᠠᠯᠠᠭᠤᠨ ᠳᠤᠭᠤᠭᠠᠨ ᠳᠠᠭᠢ ᠮᠢᠬ᠎ᠠ ᠶᠢ
ᠬᠠᠭᠠᠰ ᠳᠦᠭᠦᠭᠡᠢ ᠪᠠᠷ ᠨᠢ ᠵᠠᠯᠭᠢᠯᠠᠵᠤ ᠪᠠᠢ᠌ᠨ᠎ᠠ᠂
ᠪᠠᠭᠡᠵᠢᠩ ᠬᠤᠳᠠ ᠶᠢᠨ ᠭᠦᠮᠦᠰ
ᠬᠠᠯᠠᠭᠤᠨ ᠳᠤᠭᠤᠭᠠᠨ ᠳᠤ ᠳᠤᠷᠠᠳᠠᠢ᠂
ᠪᠠᠯᠴᠢᠵᠤ ᠪᠠᠢ᠌ᠭ᠎ᠠ ᠬᠤᠨᠢᠳ ᠢ
ᠢᠳᠠᠨ᠎ᠠ ᠦᠦ ︖ ᠢᠳᠠᠨ᠎ᠠ ᠦᠦ ︖ ᠳᠤᠷᠠᠳᠠᠢ
ᠬᠤᠨᠢᠴᠢᠨ ᠭᠦᠮᠤᠨ ᠢ ᠦᠵᠡᠪᠠᠯ
ᠨᠠᠰᠢ ᠪᠠᠨ ᠭᠡᠭᠦ ᠦᠭᠡᠶ ᠣᠯᠤᠰ᠂
ᠬᠤᠨᠢᠨ ᠮᠢᠬ᠎ᠠ ᠶᠢ ᠬᠠᠷᠠᠪᠠᠯ
ᠴᠠᠰᠢ ᠪᠠᠨ ᠭᠡᠭᠦ ᠦᠭᠡᠶ ᠭᠦᠮᠦᠰ᠃
ᠵᠤᠬᠢᠶᠠᠭᠴᠢ ᠶᠢᠨ ᠬᠠᠶᠢᠭ ᠄ ᠪᠠᠭᠡᠵᠢᠩ ᠬᠤᠳᠠ ᠶᠢᠨ ᠨᠠᠢ᠌ᠷᠠᠯᠳᠤ ᠨᠠᠢ᠌ᠷᠠᠮᠳᠠᠬᠤ ᠰᠦᠮ᠎ᠡ 12 ᠨᠤᠮᠸᠷ
ᠵᠤᠬᠢᠶᠠᠭᠴᠢ᠄ ᠪᠣᠷᠵᠢᠭᠢᠨ·ᠮᠥᠩᠭᠡᠤ᠋ᠳᠽᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3186
ᠴᠠᠭ᠄ 2009 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ