ᠨᠡᠪᠲᠡᠷᠡᠨ ᠤᠷᠤᠬᠤ
ᠨᠤᠳᠤᠭ ᠤᠨ ᠨᠠᠷᠠ

ᠬᠠᠯᠳᠠᠷ ᠪᠣᠯᠳᠠᠷ ᠨᠢᠯᠬ᠎ᠠ ᠨᠠᠰᠤᠨ ᠡᠴᠡ

ᠬᠠᠷᠭᠠᠠᠳᠤ ᠶᠢᠨ ᠬᠤᠶᠠᠷ ᠬᠤᠧᠨ ᠠᠯᠤᠰ ᠰᠥᠡᠳᠡᠷᠯᠡᠭ᠍ᠰᠡᠨ

ᠬᠠᠷᠭᠠᠨ᠎ᠠ ᠭᠢᠯᠭᠠᠨ᠎ᠠ ᠨᠢ ᠬᠤᠴᠢᠯᠭ᠎ᠠ ᠪᠣᠯᠤᠭᠠᠤᠨ

ᠬᠠᠷᠠᠭᠠᠨ ᠤ ᠥᠵᠦᠭᠦᠷ ᠭᠦᠪᠭᠦᠰ ᠭᠦᠪᠭᠦᠰ

ᠬᠠᠪᠣᠷ ᠡᠪᠦᠯ ᠨᠢ ᠡᠭᠡᠯᠵᠢᠯᠳᠦᠭᠡᠳ

ᠬᠠᠨ ᠨᠠᠷᠠᠨ ᠠᠭᠠᠷ ᠲᠠᠭᠠᠨ ᠭᠡᠷᠡᠯᠳᠡᠢ

ᠬᠠᠴᠢᠷᠬᠠᠨ ᠬᠠᠢ᠌ᠷᠠᠯᠠᠨ ᠳᠠᠯ᠎ᠠ ᠪᠠᠨ ᠰᠢᠷᠳᠡᠭᠦ ᠳ᠋ᠤ

ᠬᠠᠨᠠᠭᠠᠷ ᠳᠠᠯᠠᠢ ᠴᠡᠭᠡᠵᠢᠨ᠎ᠡ ᠳᠤᠯᠭᠢᠶᠠᠯᠠᠨ᠎ᠠ

ᠣᠭᠤᠷᠠᠭ ᠰᠦ᠋ ᠶᠢᠨ ᠰᠢᠮ᠎ᠠ ᠲᠡᠶ ᠬᠠᠳᠠᠳᠤ ᠶᠢᠨ ᠭᠤᠤᠯ

ᠣᠭᠠᠯᠵᠠᠯᠠᠨ ᠣᠷᠤᠰᠤᠭᠠᠤᠨ ᠭᠢᠯᠪᠠᠭ᠎ᠠ ᠳᠠᠳᠠᠨ᠎ᠠ

ᠣᠶᠠᠩᠭ᠋᠎ᠠ ᠡᠭᠡᠰᠢᠭ᠌ ᠲᠡᠶ ᠭᠠᠯᠠᠭᠤᠳ ᠶᠢᠡᠨ ᠭᠠᠩᠭ᠋ᠠᠨᠠᠭᠤᠯᠤᠭᠠᠤᠨ

ᠥᠩᠭᠡᠰᠢᠭ᠌ ᠰᠥᠷᠦᠭ᠌ ᠶᠢᠡᠨ ᠳᠠᠩ ᠳᠤ ᠪᠠᠨ ᠡᠷᠭᠡᠯᠡᠭᠦᠯᠦᠨ᠎ᠡ

ᠠᠯᠳᠠᠨ ᠨᠠᠷᠠᠨ ᠠᠶᠠᠯᠠᠭᠠᠤᠨ ᠶᠠᠳᠠᠪᠠᠤ

ᠠᠢ᠌ᠯ ᠤᠨ ᠪᠠᠷᠠᠭᠤᠨ ᠠᠭᠤᠯᠠᠨ᠎ᠠ ᠭᠦᠯ ᠳᠠᠯᠪᠢᠨ᠎ᠠ

ᠠᠪᠣ ᠶᠢᠨ ᠨᠦᠮᠦᠷᠢ ᠲᠡᠶ ᠥᠭᠡᠷ ᠳᠠᠪᠠᠭ᠎ᠠ ᠳ᠋ᠤ

ᠠᠮᠠᠷᠠᠵᠤ ᠨᠣᠢ᠌ᠷᠰᠤᠬᠤ ᠪᠠᠷ ᠭᠦᠰᠢᠭᠡ ᠳᠠᠳᠠᠨ᠎ᠠ

ᠳᠤᠷᠤᠨ᠎ᠠ ᠮᠠᠠᠳᠤᠭᠠᠤᠨ ᠦᠷᠦᠨ᠎ᠠ ᠵᠢᠷᠭᠠᠳᠠᠭ ᠨᠤᠳᠤᠭ ᠤᠨ ᠨᠠᠷᠠ

ᠳᠤᠯᠠᠭᠠᠨ ᠬᠠᠯᠠᠭᠤᠨ ᠳᠦᠭᠡᠮᠡᠯ ᠬᠠᠢ᠌ᠷ᠎ᠠ ᠪᠠᠨ ᠰᠠᠴᠤᠨ᠎ᠠ

ᠵᠤᠨ ᠨᠠᠮᠤᠷ ᠭᠡᠮᠡᠨ ᠵᠢᠮ᠎ᠠ ᠲᠡᠶ ᠡᠷᠭᠢᠳᠡᠭ᠌ ᠨᠤᠳᠤᠭ ᠤᠨ ᠨᠠᠷᠠ

ᠵᠠᠶᠠᠭᠠᠳᠠᠢ ᠮᠢᠨᠤ ᠮᠥᠩᠭᠡ ᠶᠢᠨ ᠨᠠᠷᠠ ᠡ︕

ᠵᠤᠬᠢᠶᠠᠭᠴᠢ᠄ ᠭᠦᠭᠡ‍ᠳᠠᠪᠠᠯᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3025
ᠴᠠᠭ᠄ 2009 ᠤᠨ ᠤ 02 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ