☆ ᠭᠠᠩᠭ᠋᠎ᠠ
ᠪᠢᠷ ᠊᠊᠊᠊᠊᠊᠊᠊᠊᠊᠊᠊᠊᠊᠊ ᠳᠠᠶᠠᠭ
ᠪᠢᠷ
ᠪᠢᠯᠢᠭ᠌ ᠤᠨ ᠮᠢᠨᠢ ᠳᠠᠶᠠᠭ ᠴᠢ︕
ᠮᠠᠭᠤ ᠶᠢ ᠮᠠᠠᠴᠤᠷᠭᠠᠳᠠᠵᠤ ᠴᠤᠭᠢᠯᠠ ᠴᠢ
ᠮᠠᠭᠤᠬᠠᠢ ᠶᠢ ᠣᠯᠠᠢ᠌ᠴᠢᠭᠠᠤᠨ ᠭᠦᠪᠳᠡᠯᠡ ᠴᠢ
ᠰᠠᠢ᠌ᠨ ᠢ ᠲᠦᠰᠢᠵᠤ ᠳ᠋ᠦ᠋ᠩᠨᠠᠯᠠ ᠴᠢ
ᠰᠠᠢ᠌ᠬᠠᠨ ᠢ ᠡᠷᠭᠦᠵᠤ ᠳᠤᠯᠤᠯ᠎ᠠ ᠴᠢ
ᠪᠠᠷᠭᠡ ᠶᠢ ᠰᠢᠮᠠᠯᠠᠵᠤ ᠬᠠᠶᠠᠯ᠎ᠠ ᠴᠢ
ᠪᠢᠳᠡᠭᠦᠤ ᠶᠢ ᠬᠠᠭᠠᠯᠵᠤ ᠰᠤᠶᠤᠯ᠎ᠠ ᠴᠢ
ᠬᠠᠷᠠᠩᠭ᠋ᠤᠢ ᠶᠢ ᠭᠡᠢ᠌ᠭᠦᠯᠵᠤ ᠭᠡᠷᠡᠯᠳᠦᠭᠦᠯᠦᠯᠡ ᠴᠢ
ᠬᠤᠴᠤᠷᠤᠩᠭ᠋ᠤᠢ ᠶᠢ ᠴᠢᠷᠴᠤ ᠳᠠᠳᠠᠯ᠎ᠠ ᠴᠢ
ᠳᠠᠢ᠌ᠰᠤᠨ ᠢ ᠵᠢᠳᠠᠯᠠᠵᠤ ᠣᠨᠠᠭᠠᠯᠠ ᠴᠢ
ᠳᠠᠮᠤ ᠶᠢᠨ ᠨᠥᠭᠡᠨ ᠳᠤ ᠲᠦᠯᠬᠢᠯᠠ ᠴᠢ
ᠵᠤᠪᠠᠯᠠᠩ ᠢ ᠳᠠᠶᠠᠭᠳᠠᠵᠤ ᠭᠦᠭᠡᠭᠡᠯᠡ ᠴᠢ
ᠵᠢᠷᠭᠠᠯ ᠢ ᠳᠠᠶᠠᠯᠠᠨ ᠳᠠᠭᠤᠳᠠᠯ᠎ᠠ ᠴᠢ
ᠴᠠᠭ ᠢ ᠡᠯᠭᠦᠵᠤ ᠳᠠᠯᠪᠢᠯ᠎ᠠ ᠴᠢ
ᠴᠠᠭᠠᠰᠤ ᠶᠢ ᠴᠤᠭᠤᠯᠠᠵᠤ ᠪᠢᠴᠢᠯ᠎ᠠ ᠴᠢ
ᠨᠠᠰᠤ ᠶᠢ ᠳᠠᠭᠤᠵᠤ ᠶᠠᠪᠣᠨ᠎ᠠ ᠴᠢ
ᠨᠠᠢ᠌ᠷᠠᠭ ᠢ ᠬᠤᠷᠢᠶᠠᠵᠤ ᠶᠠᠭᠠᠷᠠᠨ᠎ᠠ ᠴᠢ
ᠪᠢᠷ
ᠰᠢᠯᠦᠭ᠌ ᠤᠨ ᠮᠢᠨᠢ ᠳᠠᠶᠠᠭ ᠴᠢ︕
ᠵᠤᠬᠢᠶᠠᠭᠴᠢ᠄ ᠭᠠᠩᠭ᠋᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2009 ᠤᠨ ᠤ 06 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ