☆ ᠴᠤ᠋·ᠣᠷᠭᠢᠯᠳᠤ
ᠰᠢᠭᠤᠷᠠᠪᠠ
ᠦᠷᠭᠡᠨ ᠭᠤᠪᠢ ᠡᠯᠡᠰᠤ ᠪᠣᠯᠵᠤ ᠰᠢᠭᠤᠷᠠᠪᠠ
ᠦᠩ ᠰᠢᠮᠡᠯᠡᠭ᠌ ᠳᠠᠯᠠ ᠬᠤᠷᠪᠠᠢ᠌ᠵᠤ ᠰᠢᠭᠤᠷᠠᠪᠠ
ᠡᠯᠡᠰᠤᠨ ᠳᠠᠯᠢ ᠬᠣᠢ᠌ᠯᠠᠷᠠᠵᠤ ᠰᠢᠭᠤᠷᠠᠪᠠ
ᠨᠠᠭᠤᠷ ᠨᠢ ᠭᠠᠩᠳᠠᠵᠤ ᠰᠢᠭᠤᠷᠠᠪᠠ
ᠨᠤᠭᠤᠰᠤ ᠨᠢ ᠫᠣᠤᠳᠠᠭᠳᠠᠵᠤ ᠰᠢᠭᠤᠷᠠᠪᠠ
ᠴᠠᠢ᠌ᠳᠠᠮ ᠨᠢ ᠬᠤᠵᠢᠷᠰᠢᠵᠤ ᠰᠢᠭᠤᠷᠠᠪᠠ
ᠬᠤᠳᠠ ᠭᠡᠷᠡᠮ ᠨᠢ ᠲᠦᠯᠭᠢᠭ᠍ᠳᠡᠵᠤ ᠰᠢᠭᠤᠷᠠᠪᠠ
ᠬᠤᠨᠢᠨ ᠰᠦᠷᠦᠭ᠌ ᠨᠢ ᠬᠤᠭᠢᠷᠠᠵᠤ ᠰᠢᠭᠤᠷᠠᠪᠠ
ᠳᠡᠮᠡᠭᠡᠨ ᠰᠦᠷᠦᠭ᠌ ᠨᠢ ᠳᠡᠭ᠍ᠷᠢ ᠳᠤ ᠪᠠᠨ ᠰᠢᠭᠤᠷᠠᠪᠠ
ᠥᠭᠡᠷ ᠤᠨ ᠰᠦᠷᠦᠭ᠌ ᠨᠢ ᠪᠣᠯᠠᠭᠳᠠᠵᠤ ᠰᠢᠭᠤᠷᠠᠪᠠ
ᠢᠮᠠᠭᠠᠨ ᠰᠦᠷᠦᠭ᠌ ᠨᠢ ᠳᠡᠭᠡᠭᠡᠭ᠍ᠳᠡᠵᠤ ᠰᠢᠭᠤᠷᠠᠪᠠ
ᠵᠠᠯᠠᠭᠤᠴᠤᠳ ᠨᠢ ᠭᠤᠨᠢᠷᠠᠵᠤ ᠰᠢᠭᠤᠷᠠᠪᠠ
ᠭᠡᠦᠭᠡᠡᠴᠦᠳ ᠨᠢ ᠣᠩᠭ᠋ᠣᠢ᠌ᠵᠤ ᠰᠢᠭᠤᠷᠠᠪᠠ
ᠠᠬᠠᠮᠠᠤᠨ ᠨᠢ ᠠᠰᠠᠷ ᠲᠤ ᠰᠢᠭᠤᠷᠠᠪᠠ
ᠠᠬᠠ ᠨᠢ ᠭᠦᠯᠦᠰᠦᠯᠡᠭ᠍ᠳᠡᠵᠤ ᠰᠢᠭᠤᠷᠠᠪᠠ
ᠪᠠᠷᠭᠡᠨ ᠨᠢ ᠮᠠᠭᠠᠵᠢᠶᠠᠩᠳᠠᠵᠤ ᠰᠢᠭᠤᠷᠠᠪᠠ
ᠳᠡᠭᠦᠤ ᠨᠢ ᠳᠡᠷᠭᠡᠳᠡᠵᠤ ᠰᠢᠭᠤᠷᠠᠪᠠ
ᠡᠭᠢᠨᠡᠷ ᠨᠢ ᠠᠷᠢᠭᠢᠳᠠᠵᠤ ᠰᠢᠭᠤᠷᠠᠪᠠ
ᠬᠠᠮᠳᠤ ᠪᠠᠷ ᠶᠢᠡᠨ ᠥᠭᠡᠢ᠌ᠷᠡᠵᠤ ᠰᠢᠭᠤᠷᠠᠪᠠ᠃
ᠵᠤᠬᠢᠶᠠᠭᠴᠢ ᠶᠢᠨ ᠬᠠᠶᠢᠭ ᠄ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶᠠ
ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶᠠ᠄
ᠰᠢᠯᠦᠭᠳᠠᠷᠤᠮ᠄ 2657
ᠴᠠᠭ᠄ 2012 ᠤᠨ ᠤ 06 ᠰᠠᠷᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ