☆ ᠮᠠ᠊·ᠡᠷᠳᠡᠨᠢᠪᠠᠳᠤ
ᠭᠠᠳᠠᠯᠢ ᠶᠢᠨ ᠮᠤᠳᠤ
ᠭᠠᠳᠠᠨ᠎ᠠ ᠪᠣᠷᠤᠭ᠎ᠠ ᠱᠠᠪᠰᠢᠨ᠎ᠠ
ᠭᠠᠳᠠᠯᠢ ᠶᠢᠨ ᠮᠤᠳᠤ ᠶᠠᠭᠠᠭᠢᠳ ᠴᠤ ᠶᠤᠮ
ᠭᠠᠭᠴᠠᠭᠠᠷ ᠣᠭᠢᠯᠠᠨ᠎ᠠ
ᠭᠠᠩᠳᠠᠭᠰᠠᠨ ᠮᠢᠨᠤ ᠰᠡᠳᠭᠢᠯ ᠪᠠᠰᠠ ᠴᠤ
ᠶᠠᠭᠤ ᠨᠢᠭᠡ ᠴᠢᠩᠨᠠᠨ
ᠭᠠᠩᠰᠠᠷᠠᠬᠤ ᠪᠣᠳᠤᠯ ᠰᠡᠷᠭᠦᠵᠤ ᠶᠠᠳᠠᠨ
ᠭᠠᠩᠬᠤᠬᠤ ᠮᠤᠳᠤᠨ ᠤ ᠨᠤᠭᠤᠭᠠᠨ ᠨᠠᠪᠴᠢ ᠶᠢ ᠰᠢᠷᠳᠠᠨ᠎ᠠ
ᠣᠰᠤ ᠪᠠᠷ ᠵᠢᠷᠤᠭᠰᠠᠨ ᠵᠤᠨ ᠤ ᠨᠤᠭᠤᠭᠠᠨ ᠦᠭᠡᠶ ᠪᠣᠯ
ᠣᠯᠠᠢ᠌ᠮᠠ ᠭᠠᠩ ᠳᠤ ᠴᠡᠴᠡᠭ᠌ ᠬᠠᠮᠢᠭ᠎ᠠ ᠡᠴᠡ ᠣᠯᠳᠠᠬᠤ ᠪᠣᠢ
ᠣᠰᠤ ᠦᠭᠡᠶ ᠬᠠᠳᠠᠭᠰᠠᠨ ᠨᠠᠭᠤᠷ ᠪᠦᠷᠢᠳᠤ ᠶᠢᠨ ᠳᠡᠭᠡᠭᠦᠷ
ᠦᠳᠦ ᠪᠠᠨ ᠰᠤᠭᠤᠴᠢᠨ ᠰᠢᠪᠠᠭᠤᠳ ᠣᠭᠢᠯᠠᠭᠰᠠᠨ ᠴᠤ ᠶᠠᠭᠠᠭᠢᠮᠠᠢ
ᠭᠠᠳᠠᠨ᠎ᠠ ᠪᠣᠷᠤᠭ᠎ᠠ ᠱᠠᠪᠰᠢᠨ᠎ᠠ
ᠭᠠᠭᠴᠠᠭᠠᠷ ᠶᠢᠠᠨ ᠪᠢ ᠶᠠᠭᠠᠭᠢᠭᠠᠤᠨ ᠴᠤ ᠶᠤᠮ
ᠰᠡᠭᠦᠷᠰᠤ ᠠᠯᠳᠠᠨ᠎ᠠ
ᠬᠠᠶᠠᠭᠠᠨ ᠤ ᠴᠠᠭ ᠤᠨ ᠰᠡᠷᠢᠭᠦᠯᠭᠡ ᠶᠢᠨ ᠳᠠᠭᠤ ᠯᠠ ᠬᠠᠳᠠᠭᠤᠬᠠᠨ
ᠬᠠᠵᠠᠭᠤ ᠡᠴᠡ ᠱᠤᠤᠯᠠᠬᠤ ᠰᠢᠭ ᠡᠭ᠍ᠳᠡᠭᠦᠤ ᠭᠦᠷᠦᠮᠡᠷ ᠶᠠᠭᠠᠷᠠᠤᠬᠠᠨ
ᠬᠠᠶᠠ ᠳᠠᠴᠢᠭᠢᠨᠠᠬᠤ ᠠᠶᠤᠩᠭ᠋᠎ᠠ ᠶᠢᠨ ᠳᠠᠭᠤᠨ ᠬᠤᠯᠠᠳᠠᠭᠰᠠᠭᠠᠷ
ᠬᠠᠶᠠᠭᠠᠤᠨ ᠶᠠᠪᠣᠭᠰᠠᠨ ᠳᠦᠴᠢᠨ ᠵᠢᠯ ᠢ ᠮᠠᠷᠳᠠᠭᠤᠯᠤᠨᠠ
ᠭᠠᠳᠠᠨ᠎ᠠ ᠪᠣᠷᠤᠭ᠎ᠠ ᠱᠠᠪᠰᠢᠨ᠎ᠠ
ᠭᠠᠵᠠᠷ ᠤᠨ ᠴᠢᠭᠢᠭ᠌ ᠶᠢᠡᠷ ᠶᠠᠭᠠᠭᠢᠭᠠᠤᠨ ᠴᠤ ᠶᠤᠮ
ᠴᠡᠭᠡᠵᠢ ᠣᠩᠭ᠋ᠣᠢ᠌ᠨᠠ
ᠭᠠᠷ ᠲᠤ ᠠᠳᠬᠤᠭᠳᠠᠭᠰᠠᠨ ᠡᠨᠡ ᠪᠢᠷ ᠯᠠ ᠳᠡᠭᠡᠭᠦ ᠳᠤ
ᠭᠠᠷᠬᠤ ᠮᠦᠷ ᠶᠢᠡᠷ ᠶᠢᠠᠨ ᠵᠢᠷᠦᠭᠡ ᠶᠢ ᠴᠢᠩᠨᠠᠨ ᠴᠢᠩᠨᠠᠨ
ᠭᠠᠯ ᠲᠡᠶ ᠥᠭᠡᠰ ᠤᠨ ᠱᠠᠤᠨ ᠢ ᠳᠤᠷᠭᠠᠨ ᠴᠠᠭᠠᠰᠤᠨ ᠳᠤ ᠪᠠᠭᠤᠯᠠᠭᠠᠨᠠ᠃
ᠵᠤᠬᠢᠶᠠᠭᠴᠢ᠄ ᠮᠠ᠊·ᠡᠷᠳᠡᠨᠢᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2009 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ