ᠨᠡᠪᠲᠡᠷᠡᠨ ᠤᠷᠤᠬᠤ
ᠠᠪᠣ ᠶᠢᠨ ᠠᠷᠤ ᠶᠢᠨ ᠪᠠᠷ᠎ᠠ

ᠦᠷ᠎ᠡ ᠪᠠᠨ ᠭᠦᠷᠭᠡᠶ᠎ᠡ ᠭᠡᠵᠤ

ᠦᠷᠳᠡᠭᠡᠨ ᠵᠠᠮ ᠳᠤ ᠠᠪᠣ ᠮᠢᠨᠢ ᠢᠷᠠᠯ᠎ᠠ

ᠢᠷᠦᠭᠡᠯ ᠤᠨ ᠰᠠᠢ᠌ᠬᠠᠨ ᠶᠢᠡᠨ ᠪᠠᠯᠡᠭᠯᠡᠶ᠎ᠡ ᠭᠡᠵᠤ

ᠦᠷᠤᠴᠠᠨ ᠳᠤ ᠪᠠᠨ ᠠᠪᠣ ᠮᠢᠨᠢ ᠳᠠᠭᠠᠳᠬᠠᠯ᠎ᠠ᠃

ᠠᠯᠤᠰ ᠭᠠᠵᠠᠷ ᠶᠠᠪᠣᠬᠤ ᠶᠢᠨ ᠳᠦᠷᠦᠭᠦᠨ ᠳᠤ

ᠠᠵᠠ ᠵᠢᠷᠭᠠᠯ ᠢ ᠨᠢ ᠵᠥᠭ᠍ᠨᠡᠵᠤ

ᠠᠮᠢᠨ ᠬᠠᠢ᠌ᠷᠠᠳᠤ ᠭᠦᠤ ᠪᠠᠨ

ᠠᠰ ᠤᠨ ᠪᠠᠶ᠎ᠠ ᠪᠠᠷ ᠶᠢᠡᠨ ᠮᠤᠷᠳᠠᠭᠤᠯᠵᠤ

ᠠᠮᠠᠷᠠᠭᠤᠯᠵᠤ ᠰᠠᠨᠠᠭ᠎ᠠ ᠪᠠᠨ ᠵᠢᠷᠭᠠᠭᠠᠶ᠎ᠠ ᠭᠡᠵᠤ

ᠠᠪᠣ ᠮᠢᠨᠢ ᠪᠣᠳᠤᠨ ᠪᠣᠳᠤᠨ ᠶᠠᠪᠣᠨ᠎ᠠ᠃

ᠭᠦᠯᠢᠶᠡᠭ᠍ᠰᠡᠨ ᠤ ᠡᠴᠦᠰ ᠲᠤ

ᠭᠦᠷᠦᠭᠡᠳ ᠢᠷᠡᠳᠡᠭ᠌ ᠳᠡᠷᠭᠡ ᠨᠢ

ᠭᠦᠰᠡᠯ ᠤᠨ ᠮᠠᠨᠢ ᠵᠢᠭᠦᠷ ᠢ ᠳᠡᠯᠭᠡᠭᠦᠯᠵᠤ

ᠭᠦᠭᠡᠷᠦᠭᠦᠢ ᠦᠷ᠎ᠡ ᠨᠢ ᠮᠤᠷᠳᠠᠬᠤ ᠪᠣᠯᠤᠯ᠎ᠠ᠃

ᠠᠶᠠᠠᠴᠢᠨ ᠤ ᠳᠡᠷᠭᠡᠨ ᠤ ᠠᠩᠬᠠᠨ ᠤ ᠱᠠᠳᠤ ᠶᠢ

ᠠᠯᠬᠤᠵᠤ ᠪᠢ ᠳᠤᠳᠤᠭᠰᠢ ᠣᠷᠤᠭᠠᠤᠨ

ᠠᠷᠤ ᠶᠢᠨ ᠠᠷᠤ ᠶᠢᠨ ᠠᠷᠤ ᠳᠤ ᠬᠤᠴᠤᠷᠤᠭᠰᠠᠨ ᠠᠪᠣ ᠪᠠᠨ

ᠡᠷᠭᠢᠨ ᠬᠠᠷᠠᠵᠤ ᠠᠵᠢᠭᠯᠠᠬᠤ ᠳᠤ

ᠳᠠᠭᠤᠨ ᠦᠭᠡᠶ ᠠᠷᠤ ᠶᠢᠨ ᠪᠠᠷ᠎ᠠ ᠨᠢ

ᠳᠤᠭᠳᠤᠯᠠᠭᠤᠯᠵᠤ ᠨᠠᠮ᠎ᠠ ᠶᠢ ᠡᠭᠢᠯᠡᠭᠦᠯᠦᠯ᠎ᠡ᠃

ᠪᠣᠳᠤᠭᠰᠠᠨ ᠪᠣᠯᠭᠠᠨ ᠶᠢᠡᠨ ᠶᠠᠷᠢᠳᠠᠭ ᠡᠵᠢ ᠭᠦᠮᠤᠨ ᠰᠢᠭ᠌

ᠪᠦᠷ ᠪᠦᠭᠦᠨ ᠢ ᠨᠢ ᠳᠤᠭᠠᠴᠠᠳᠠᠭ ᠦᠭᠡᠶ ᠠᠪᠣ ᠮᠢᠨᠢ

ᠪᠣᠳᠤᠯ ᠤᠨ ᠳᠠᠯᠠᠢ ᠳᠤ ᠪᠠᠨ ᠨᠢᠭᠤᠭᠰᠠᠨ ᠪᠠᠶᠠᠷ ᠵᠤᠪᠠᠭᠤᠷᠢ ᠪᠠᠨ

ᠪᠣᠷᠬᠠᠨ ᠠᠷᠤ ᠶᠢᠨ ᠪᠠᠷ᠎ᠠ ᠳᠤ ᠪᠠᠨ ᠳᠡᠮᠳᠡᠭᠯᠡᠵᠤ ᠪᠠᠢ᠌ᠵᠠᠢ᠃

ᠰᠠᠯᠤᠨ ᠶᠠᠳᠠᠵᠤ ᠪᠠᠢ᠌ᠬᠤ ᠰᠡᠳᠭᠢᠯ ᠨᠢ

ᠰᠠᠵᠢᠯᠠᠬᠤ ᠭᠠᠷ ᠲᠤ ᠨᠢ ᠢᠯᠡᠭᠡᠨ ᠬᠠᠷᠠᠭᠳᠠᠨ᠎ᠠ

ᠰᠠᠢ᠌ᠨ ᠶᠠᠪᠣᠭᠠᠷᠠᠢ ᠭᠡᠰᠡᠨ ᠭᠦᠰᠡᠯ ᠨᠢ

ᠰᠠᠠᠴᠢᠭ ᠪᠣᠭᠤᠷᠤᠯ ᠦᠰᠤᠨ ᠳᠤ ᠨᠢ ᠮᠡᠳᠡᠭ᠍ᠳᠡᠨ᠎ᠡ᠃

ᠬᠠᠷᠪᠣᠵᠤ ᠭᠠᠷᠤᠭᠰᠠᠨ ᠮᠦᠴᠡ ᠤᠳ ᠤᠨ

ᠬᠠᠳᠠᠭᠤ ᠭᠦᠡᠳᠤ ᠳᠠᠷᠤᠭᠠᠰᠤ ᠨᠢ

ᠬᠠᠢ᠌ᠷ᠎ᠠ ᠨᠠᠢ᠌ᠷ ᠦᠭᠡᠶ ᠪᠦᠭ᠍ᠴᠢᠭᠡᠷ ᠪᠣᠯᠤᠭᠰᠠᠨ

ᠬᠤᠯᠠ ᠶᠢᠨ ᠪᠠᠷ᠎ᠠ ᠳᠤ ᠨᠢ ᠰᠢᠩᠭᠡᠨ᠎ᠡ᠃

ᠬᠤᠵᠢᠮ ᠤᠨ ᠵᠠᠮ ᠢ ᠳᠤᠭᠤᠯᠵᠤ ᠶᠠᠪᠣᠬᠤ ᠳᠤ ᠪᠠᠨ

ᠬᠠᠳᠠᠭᠤ ᠵᠤᠷᠢᠭ ᠶᠢᠡᠷ ᠳᠠᠮᠠᠴᠠᠵᠤ

ᠬᠤᠶᠠᠷ ᠪᠣᠭᠤᠷᠤᠯ ᠶᠢᠡᠨ ᠪᠠᠶᠠᠰᠬᠠᠭᠠᠷᠠᠢ ᠭᠡᠰᠡᠨ ᠭᠦᠰᠡᠯ ᠨᠢ

ᠬᠠᠯᠠᠭᠤᠬᠠᠨ ᠠᠯᠬᠤᠳᠠᠯ ᠳᠤ ᠨᠢ ᠳᠤᠳᠤᠷᠠᠨ᠎ᠠ᠃

ᠭᠡᠨ ᠡᠴᠠ ᠴᠤ ᠢᠯᠡᠭᠦᠤ ᠦᠷ᠎ᠡ ᠪᠠᠨ ᠰᠠᠨᠠᠳᠠᠭ ᠰᠡᠳᠭᠢᠯ ᠶᠢᠡᠨ

ᠭᠡᠵᠢᠶᠡᠳᠡ ᠭᠡᠯᠡᠵᠤ ᠢᠯᠡᠳᠭᠡᠳᠡᠭ᠌ ᠦᠭᠡᠶ ᠡᠴᠢᠭᠡ ᠶᠢᠨ ᠬᠠᠢ᠌ᠷ᠎ᠠ

ᠳᠠᠭᠤᠤ ᠪᠠᠷ ᠳᠠᠭᠤᠯᠠᠵᠤ ᠣᠶᠠᠷᠠᠭᠤᠯᠤᠭᠰᠠᠨ ᠪᠢᠰᠢ

ᠳᠤᠭᠳᠤᠯᠠᠭᠤᠯᠤᠨ ᠭᠡᠯᠡᠵᠤ ᠰᠢᠯᠦᠭᠯᠡᠭ᠍ᠰᠡᠨ ᠪᠢᠰᠢ

ᠥᠭᠡ ᠴᠤ ᠦᠭᠡᠶ ᠳᠠᠭᠤᠨ ᠴᠤ ᠦᠭᠡᠶ

ᠥᠭ᠍‍ᠭᠢᠶᠡᠮᠦᠷ ᠠᠷᠢᠭᠤᠨ ᠠᠷᠤ ᠶᠢᠨ ᠪᠠᠷ᠎ᠠ ᠳᠤ ᠪᠠᠨ

ᠦᠯᠡᠳᠡᠭᠡᠨ ᠬᠤᠴᠤᠷᠭᠠᠭᠰᠠᠨ ᠪᠠᠢ᠌ᠵᠠᠢ᠃

ᠨᠠᠮ᠎ᠠ ᠶᠢ ᠡᠭᠦᠷᠦᠭ᠍ᠰᠡᠨ ᠮᠦᠷᠤᠨ ᠳᠤ ᠨᠢ

ᠨᠠᠠᠳᠢᠩᠬᠠᠨ ᠡᠴᠢᠭᠡ ᠶᠢᠨ ᠬᠠᠢ᠌ᠷ᠎ᠠ ᠭᠢᠯᠠᠯᠵᠠᠨ᠎ᠠ᠂

ᠨᠠᠳᠠᠳᠤ ᠭᠡᠯᠡᠭᠦ ᠭᠡᠰᠡᠨ ᠥᠭᠡ ᠪᠦᠭᠦᠨ ᠢ ᠨᠢ

ᠨᠢᠯᠪᠣᠰᠤ ᠲᠡᠶ ᠪᠠᠨ ᠴᠤᠭ᠂

ᠣᠳᠤ ᠪᠢ ᠰᠠ‍‌ᠶᠢ ᠣᠢ᠌ᠯᠠᠭᠠᠯ᠎ᠠ᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ

ᠵᠤᠬᠢᠶᠠᠭᠴᠢ᠄ ᠰᠠᠷᠭᠠᠢ᠌ᠴᠡᠴᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 4419
ᠴᠠᠭ᠄ 2012 ᠤᠨ ᠤ 10 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ