☆ ᠵᠠ᠊·ᠰᠡᠢ᠌ᠡᠳᠡᠭᠦᠰ
《ᠳᠡᠭᠡᠳᠤ ᠳᠡᠭ᠍ᠷᠢ ᠡᠴᠡ ᠵᠠᠶᠠᠭᠠᠳᠤ ᠳᠦᠷᠦᠭ᠍ᠰᠡᠨ》 ᠭᠡᠰᠡᠨ ᠥᠭᠡᠨ ᠡᠴᠡ ᠰᠥᠪᠠᠭ᠍ᠴᠢᠯᠡᠭᠦ ᠨᠢ
《ᠮᠤᠩᠭ᠋ᠤᠯ ᠤᠨ ᠨᠢᠭᠤᠴᠠ ᠳᠤᠪᠴᠢᠶᠠᠨ》 ᠊ᠤ ᠡᠭᠢᠯᠡᠯᠳᠡ ᠳᠤ 《ᠴᠢᠩᠭᠢᠰ ᠬᠠᠭᠠᠨ ᠤ ᠢᠵᠠᠭᠤᠷ ᠳᠡᠭᠡᠷ᠎ᠡ ᠳᠡᠭ᠍ᠷᠢ ᠡᠴᠡ ᠵᠠᠶᠠᠭᠠᠳᠤ ᠳᠦᠷᠦᠭ᠍ᠰᠡᠨ ᠪᠦᠷᠳᠡ ᠴᠢᠨ᠋ᠸ᠎ᠠ ᠠᠵᠤᠭᠤ》 ᠭᠡᠵᠤ ᠭᠠᠷᠳᠠᠭ᠃ ᠡᠨᠡ ᠥᠭᠡᠰ ᠪᠣᠭᠳᠠ ᠴᠢᠩᠭᠢᠰ ᠬᠠᠭᠠᠨ ᠤ ᠣᠳᠤᠮ ᠴᠠᠳᠢᠭ ᠤᠨ ᠳᠤᠬᠠᠢ ᠥᠭᠦᠯᠡᠭᠦ ᠠᠪᠠᠴᠤ ᠪᠦᠭᠦ ᠮᠤᠩᠭ᠋ᠤᠯ ᠨᠡᠭᠦᠳᠡᠯᠴᠢᠨ ᠤ ᠳᠡᠦᠭᠡ ᠲᠡᠶ ᠣᠴᠢᠷ ᠬᠤᠯᠪᠣᠭᠳᠠᠯᠳᠠᠢ ᠥᠭᠦᠯᠡᠮᠵᠢ ᠭᠡᠵᠤ ᠪᠢ ᠦᠵᠡᠵᠤ ᠪᠣᠢ᠃ ᠡᠭᠦᠨ ᠢ ᠦᠨᠦ ᠶᠢᠨ ᠵᠠᠷᠢᠮ ᠳᠡᠦᠭᠡ ᠰᠤᠶᠤᠯ ᠰᠤᠳᠤᠯᠤᠭᠴᠢᠳ ᠡᠴᠡ ᠦᠪᠡᠷ ᠤᠨ ᠪᠦᠳᠦᠭᠡᠭ᠍ᠰᠡᠨ 《ᠮᠠᠷᠺᠰ ᠤᠨ ᠦᠵᠡᠯ》 ᠊ᠤᠨ ᠶᠢᠡᠨ ᠡᠭᠦᠳᠡᠨ ᠡᠴᠡ ᠳᠡᠭᠡᠳᠤ ᠢᠵᠠᠭᠤᠷᠳᠠᠤᠨ ᠦᠪᠡᠷ ᠤᠨ ᠣᠳᠤᠮ ᠭᠠᠷᠤᠯ ᠶᠢᠡᠨ ᠪᠣᠷᠬᠠᠨ ᠳᠡᠭ᠍ᠷᠢ ᠡᠴᠡ ᠵᠠᠶᠠᠭᠠᠭᠰᠠᠨ ᠡᠷᠭᠢᠮ ᠳᠡᠭᠡᠳᠤ ᠦᠵᠡᠯ ᠢ ᠰᠤᠷᠳᠠᠯᠴᠢᠯᠠᠬᠤ ᠡᠭᠦᠳᠡᠨ ᠡᠴᠡ ᠪᠢᠴᠢᠭ᠍ᠰᠡᠨ ᠭᠡᠵᠤ ᠥᠷᠦᠭᠡᠰᠦᠯ ᠶᠢᠡᠷ ᠥᠭᠡᠢ᠌ᠰᠭᠡᠭ᠍ᠰᠡᠭᠡᠷ ᠢᠷᠡᠭ᠍ᠰᠡᠨ ᠶᠤᠮ᠃ ᠭᠡᠳᠡᠯ᠎ᠡ 13 ᠳ᠋ᠤᠭᠠᠷ ᠵᠠᠭᠤᠨ ᠤ ᠪᠦᠭᠦᠢᠯᠡ ᠳᠡᠦᠭᠡ᠂ ᠰᠤᠶᠤᠯ ᠢᠷᠭᠡᠡᠰᠢᠯ ᠤᠨ ᠭᠦᠷᠢᠶᠡᠨ ᠳᠤ ᠳᠡᠭᠡᠳᠤ ᠳᠡᠭ᠍ᠷᠢ ᠶᠢ ᠰᠢᠳᠤᠨ 《ᠳᠡᠭ᠍ᠷᠢ ᠳ᠋ᠠ ᠢᠪᠠᠭᠡᠭ᠍ᠳᠡᠵᠤ》᠂ 《ᠳᠡᠭ᠍ᠷᠢ ᠳ᠋ᠠ ᠡᠰᠡ ᠳᠠᠭᠠᠯᠠᠭᠳᠠᠬᠤ》 (ᠡᠳᠡᠭᠡᠷ ᠨᠢ 《ᠮᠤᠩᠭ᠋ᠤᠯ ᠤᠨ ᠨᠢᠭᠤᠴᠠ ᠳᠤᠪᠴᠢᠶᠠᠨ》 ᠳ᠋ᠤ ᠢᠯᠡᠷᠭᠡᠢ ᠳᠤᠰᠬᠠᠭᠳᠠᠵᠤ ᠪᠣᠢ᠃ ᠮᠢᠨᠤ ᠪᠦᠷᠢᠨ ᠪᠣᠰᠤ ᠠᠵᠢᠭᠯᠠᠯᠳᠠ ᠳᠤ ᠡᠢ᠌ᠮᠦᠷᠭᠦ ᠠᠭᠤᠯᠭ᠎ᠠ ᠲᠡᠶ ᠥᠭᠦᠯᠡᠪᠦᠷᠢ 29 ᠣᠳᠠᠭ᠎ᠠ ᠳᠠᠪᠳᠠᠭᠳᠠᠳᠠᠭ) ᠬᠤᠶᠠᠷ ᠶᠡᠭᠡ ᠣᠨᠤᠯ ᠤᠨ ᠰᠢᠰᠲ᠋ᠸᠮ ᠳᠤᠭᠳᠠᠨᠢᠵᠤ᠂ ᠣᠯᠤᠰ ᠲᠦᠷᠦ᠂ ᠵᠠᠩ ᠳᠠᠳᠬᠠᠯ᠂ ᠰᠤᠶᠤᠯ ᠢᠷᠭᠡᠡᠰᠢᠯ ᠤᠨ ᠪᠠᠷᠢᠮᠵᠢᠶ᠎ᠠ ᠳᠦᠷᠢᠮ ᠪᠣᠯᠵᠤ ᠪᠠᠢ᠌ᠭᠰᠠᠨ ᠢ ᠠᠩᠬᠠᠷᠤᠭᠤᠰᠢᠳᠠᠢ ᠪᠢᠯᠠ᠃
ᠰᠤᠳᠤᠯᠤᠭᠴᠢᠳ ᠮᠤᠩᠭ᠋ᠤᠯᠴᠤᠳ ᠢ ᠶᠡᠭᠡ ᠡᠷᠳᠡ ᠾᠦᠩᠨᠦ ᠶᠢᠨ ᠦᠶ᠎ᠡ ᠳᠤ (ᠡᠳᠡᠭᠡᠷ ᠦᠵᠡᠯᠳᠠ ᠨᠢ ᠾᠦᠩᠨᠦ ᠶᠢ ᠮᠤᠩᠭ᠋ᠤᠯ ᠤᠨ ᠳᠡᠭᠡᠳᠦᠰ ᠪᠢᠰᠢ ᠭᠡᠵᠤ ᠥᠵᠡᠭᠦ ᠦᠶ᠎ᠡ ᠳᠤ ᠥᠭᠡᠢ᠌ᠰᠭᠡᠭ᠍ᠳᠡᠳᠡᠭ᠌) ᠳᠡᠭ᠍ᠷᠢ ᠰᠢᠳᠦᠭᠦ ᠵᠠᠩᠰᠢᠯ ᠲᠡᠶ ᠪᠠᠢ᠌ᠭᠰᠠᠨ ᠢ ᠣᠯᠠᠩᠭᠢ ᠨᠢ ᠭᠦᠯᠢᠶᠡᠨ ᠵᠥᠪᠰᠢᠶᠡᠷᠡᠳᠡᠭ᠌᠃ ᠵᠠᠷᠢᠮ ᠡᠷᠳᠡᠮᠳᠡᠳ ᠳᠡᠭ᠍ᠷᠢ ᠰᠢᠳᠦᠯᠭᠡ ᠨᠢ ᠪᠠᠯᠠᠷ ᠦᠶ᠎ᠡ ᠶᠢᠨ ᠰᠢᠳᠦᠯᠭᠡ ᠪᠦᠭᠡᠳ ᠭᠦᠢ ᠨᠢᠭᠡᠳᠦᠯ ᠤᠨ ᠦᠶ᠎ᠡ ᠳᠤ ᠡᠭᠦᠰᠦᠭ᠍ᠰᠡᠨ ᠭᠡᠵᠤ ᠥᠵᠡᠭ᠍ᠰᠡᠨ ᠴᠤ ᠪᠣᠢ᠃ ᠣᠷᠤᠰ ᠤᠨ ᠡᠷᠳᠡᠮᠳᠡᠨ ᠨᠠ᠊·ᠢᠠᠨᠠ 《ᠡᠷᠳᠡᠨ ᠤ ᠲᠦᠪ ᠠᠽᠢᠶ᠎ᠠ ᠶᠢᠨ ᠪᠦᠭᠡ ᠮᠥᠷᠭᠦᠯ ᠤᠨ ᠰᠠᠭᠤᠷᠢ ᠪᠣᠯ ᠳᠡᠭ᠍ᠷᠢ ᠰᠢᠳᠦᠯᠭᠡ》 ᠭᠡᠵᠤ ᠦᠵᠡᠵᠠᠢ᠃
ᠥᠨᠡᠭᠡᠷ ᠮᠤᠩᠭ᠋ᠤᠯᠴᠤᠳ ᠦᠪᠡᠷ ᠢ ᠪᠠᠨ ᠳᠡᠭ᠍ᠷᠢ ᠡᠴᠡ ᠭᠠᠷᠤᠯᠳᠠᠢ ᠮᠠᠳᠤ ᠣᠢ᠌ᠯᠠᠭᠠᠨ ᠳᠠᠢ᠌ᠯᠪᠣᠷᠢᠯᠠᠳᠠᠭ ᠨᠢ ᠭᠦᠮᠤᠨ ᠡᠭᠦᠰᠦᠯ ᠤᠨ ᠳᠤᠬᠠᠢ ᠮᠤᠩᠭ᠋ᠤᠯᠴᠤᠳ ᠤᠨ ᠭᠠᠢ᠌ᠬᠠᠮᠰᠢᠭᠳᠤ ᠣᠷᠠᠨ ᠳᠠᠭᠠᠭᠠᠪᠣᠷᠢ ᠶᠢᠨ ᠨᠢᠭᠡ ᠮᠦᠨ᠃ ᠬᠠᠷᠢᠨ ᠣᠯᠤᠰ ᠲᠦᠷᠦ᠂ ᠨᠤᠶᠠᠷᠬᠠᠯ ᠤᠨ ᠠᠩᠭᠢ ᠳᠠᠪᠬᠤᠷᠭ᠎ᠠ ᠶᠢᠨ ᠶᠠᠮᠠᠷ ᠨᠢᠭᠡᠨ ᠵᠤᠷᠢᠯᠳᠠ ᠪᠢᠰᠢ ᠪᠠᠢ᠌ᠬ᠎ᠠ᠃ ᠳᠡᠭᠡᠭᠦ ᠳᠡᠭᠡᠨ ᠴᠢᠨ᠋ᠸ᠎ᠠ ᠶᠢ ᠳᠡᠭ᠍ᠷᠢ ᠶᠢᠨ ᠨᠤᠬᠠᠢ᠂ ᠵᠡᠭᠡᠷ᠎ᠡ ᠭᠦᠷᠦᠭᠡᠰᠤ ᠶᠢ ᠳᠡᠭ᠍ᠷᠢ ᠶᠢᠨ ᠬᠤᠨᠢ᠂ ᠢᠮᠠᠭ᠎ᠠ᠂ ᠭᠡᠷᠢᠶ᠎ᠡ ᠶᠢ ᠳᠡᠭ᠍ᠷᠢ ᠶᠢᠨ ᠵᠠᠭᠤᠴᠢ ᠮᠠᠳᠤ ᠪᠠᠷ ᠳᠠᠢ᠌ᠯᠪᠣᠷᠢᠯᠠᠳᠠᠭ ᠨᠢ ᠵᠡᠷᠯᠢᠭ᠌ ᠣᠩᠭ᠋ᠤᠨ ᠪᠦᠭᠦᠨ ᠳᠡᠭ᠍ᠷᠢ ᠡᠴᠡ ᠢᠷᠠᠵᠤ᠂ ᠳᠠᠭᠢᠨ ᠭᠠᠵᠠᠷ ᠳᠡᠯᠡᠭᠡᠢ ᠳᠤ ᠡᠨᠡᠭ᠍ᠰᠢᠨ ᠳᠠᠰᠤᠭᠰᠠᠨ ᠮᠠᠳᠤ ᠥᠭᠦᠯᠡᠳᠡᠭ᠌ ᠨᠢ ᠰᠤᠨᠢᠷᠬᠠᠯᠳᠠᠢ ᠪᠢᠯᠠ᠃
ᠭᠠᠵᠠᠷ ᠳᠡᠯᠡᠭᠡᠢ ᠶᠢ ᠡᠭᠡ ᠡᠳᠦᠭᠡᠨ ᠭᠡᠮᠡᠨ ᠡᠮ᠎ᠡ ᠭᠦᠢᠰᠦᠳᠡᠢ ᠪᠠᠷ᠂ ᠳᠡᠭ᠍ᠷᠢ ᠶᠢ ᠡᠴᠢᠭᠡ ᠳᠡᠭ᠍ᠷᠢ ᠭᠡᠮᠡᠨ ᠡᠷ᠎ᠡ ᠭᠦᠢᠰᠦᠳᠡᠢ ᠪᠣᠯᠭᠠᠨ ᠵᠤᠬᠢᠶᠠᠮᠵᠢᠯᠠᠭᠰᠠᠨ ᠰᠢᠳᠦᠯᠭᠡ ᠮᠤᠩᠭ᠋ᠤᠯᠴᠤᠳ ᠲᠤ ᠡᠷᠳᠡᠨ ᠡᠴᠡ ᠪᠠᠢ᠌ᠭᠰᠠᠨ ᠳᠤᠬᠠᠢ ᠰᠤᠳᠤᠯᠭᠠᠴᠢᠳ ᠥᠵᠡᠳᠡᠭ᠌ ᠨᠢ ᠮᠤᠩᠭ᠋ᠤᠯᠴᠤᠳ ᠤᠨ ᠳᠡᠭ᠍ᠷᠢ ᠰᠢᠳᠦᠯᠭᠡ ᠨᠢ ᠭᠡᠢ ᠬᠤᠭᠤᠰᠤᠨ ᠵᠤᠬᠢᠶᠠᠮᠵᠢᠯᠠᠭᠰᠠᠨ ᠳᠡᠭ᠍ᠷᠢ᠂ ᠪᠣᠷᠬᠠᠨ ᠪᠢᠰᠢ ᠭᠡᠳᠡᠭ᠌ ᠢ ᠣᠢ᠌ᠯᠠᠭᠠᠵᠤ ᠪᠣᠯᠤᠨ᠎ᠠ᠃
17 ᠳ᠋ᠤᠭᠠᠷ ᠵᠠᠭᠤᠨ ᠤ ᠦᠶ᠎ᠡ ᠵᠤᠬᠢᠶᠠᠭᠳᠠᠵᠤ (ᠯᠢᠤ ᠶᠢᠨ ᠰᠥᠸᠧ ᠡᠴᠡ 1625 ᠣᠨ ᠳᠤ ᠵᠤᠬᠢᠶᠠᠭᠳᠠᠭᠰᠠᠨ ᠭᠡᠵᠤ ᠦᠵᠡᠵᠠᠢ) ᠮᠤᠩᠭ᠋ᠤᠯ ᠤᠨ ᠬᠠᠤᠨ ᠤᠨ ᠣᠭ ᠢᠵᠠᠭᠤᠷ ᠢ 《ᠡᠷᠭᠢᠨ ᠪᠦᠳᠢᠰᠦᠡᠭ᠌ ᠨᠡᠷ ᠤᠨ ᠲᠦᠷᠦᠯᠳᠠᠨ᠂ ᠡᠨᠡᠳᠭᠡᠭ᠌ ᠲᠦᠪᠡᠳ ᠡᠴᠡ ᠥᠡᠳᠦᠰᠦᠯᠡᠭ᠍ᠰᠡᠨ》 ᠭᠡᠳᠡᠭ᠌ ᠰᠢᠨ᠎ᠠ ᠦᠵᠡᠯᠳᠠ ᠶᠢᠨ ᠰᠢᠰᠲ᠋ᠸᠮ ᠢ ᠪᠦᠷᠢᠯᠳᠦᠭᠦᠯᠦᠭ᠍ᠰᠡᠨ ᠭᠡᠵᠤ ᠥᠵᠡᠳᠡᠭ᠌ ᠵᠤᠬᠢᠶᠠᠭᠴᠢ ᠨᠢ ᠳᠤᠳᠤᠷᠬᠠᠢ ᠦᠭᠡᠶ 《ᠬᠠᠤᠨ ᠤᠨ ᠦᠨᠳᠦᠰᠦᠨ ᠤ ᠬᠤᠷᠢᠶᠠᠩᠭ᠋ᠤᠢ ᠠᠯᠳᠠᠨ ᠳᠤᠪᠴᠢ》 ᠵᠢᠨ ᠡᠮᠦᠨᠡᠭᠢ ᠭᠡᠰᠡᠭ᠌ ᠲᠤ 《ᠡᠨᠡᠳᠭᠡᠭ᠌ ᠤᠨ ᠮᠢᠭ᠍ᠳᠡ ᠶᠢᠨ ᠭᠦᠰᠡᠯ᠎ᠡ ᠬᠠᠭᠠᠨ ᠤ ᠭᠦᠪᠠᠭᠦᠨ ᠰᠠᠷᠪᠠ ᠨᠠᠷᠠᠳᠤ ᠬᠠᠭᠠᠨ ᠤ ᠳᠠᠪᠤᠨ ᠭᠦᠪᠠᠭᠦᠨ ᠪᠣᠶᠤ᠂ ᠣᠳᠠᠬᠠᠨ ᠢᠨᠤ ᠲᠦᠷᠦᠯᠭᠢ ᠭᠦᠭᠡ ᠭᠡᠷᠢᠰ ᠦᠰᠦᠳᠤ᠂ ᠭᠠᠷ ᠭᠦᠯ ᠢᠨᠤ ᠬᠠᠪᠳᠠᠭᠠᠢ᠂ ᠨᠢᠳᠤᠨ ᠢᠨᠤ ᠳᠤᠤᠷᠠᠴᠠ ᠳᠡᠭᠡᠭ᠍ᠰᠢᠳᠡ ᠠᠨᠢᠬᠤ ᠳᠤᠯᠠ᠂ ᠡᠨᠡ ᠣᠷᠢᠳᠤᠭᠢ ᠲᠦᠷᠦᠯ ᠳᠤᠷ ᠠᠳᠠᠯᠢ ᠪᠣᠰᠤ ᠭᠡᠮᠡᠭᠡᠳ ᠵᠠᠰ ᠬᠠᠭᠤᠷᠴᠠᠭ ᠲᠤᠷ ᠭᠢᠵᠤ ᠺᠠᠩᠺᠠ ᠮᠦᠷᠠᠨ ᠳᠤᠷ ᠣᠷᠭᠢᠪᠠᠢ》 ᠭᠡᠳᠡᠭ᠌᠃ ᠡᠭᠦᠨ ᠢ ᠨᠢ ᠲᠦᠪᠡᠳ ᠤᠨ ᠨᠢᠭᠡ ᠡᠪᠦᠭᠡᠨ ᠣᠯᠤᠭᠠᠤᠨ ᠠᠰᠠᠷᠠᠨ ᠳᠡᠵᠢᠭᠡᠵᠤ ᠠᠷᠪᠠᠨ ᠵᠢᠷᠭᠤᠭᠠᠨ ᠨᠠᠰᠤᠯᠠᠭᠤᠯᠵᠠᠢ᠃ ᠬᠤᠵᠢᠮ ᠨᠢ ᠲᠦᠪᠡᠳ ᠭᠦᠮᠤᠨ ᠳᠠᠷᠠ ᠭᠦᠪᠠᠭᠦᠨ ᠡᠴᠡ 《ᠬᠠᠮᠢᠭ᠎ᠠ ᠡᠴᠡ ᠢᠷᠡᠭᠦ ᠭᠦᠮᠤᠨ ᠪᠣᠢ︖》 ᠭᠡᠵᠤ ᠠᠰᠠᠭᠤᠢ ᠳᠤᠷ ᠳᠡᠭᠡᠭ᠍ᠰᠢᠳᠡ ᠵᠢᠭᠠᠵᠤ ᠥᠭ᠍ᠪᠠᠢ᠃ ᠲᠦᠪᠡᠳ ᠤᠨ ᠭᠦᠮᠤᠨ ᠥᠭᠦᠯᠡᠷᠤᠨ 《ᠡᠨᠡ ᠬᠡᠦᠬᠡᠳ ᠳᠡᠭ᠍ᠷᠢ ᠡᠴᠡ ᠵᠠᠶᠠᠭᠠᠳᠤ ᠪᠣᠶᠤ᠂ ᠮᠠᠨ ᠤ ᠲᠦᠪᠡᠳ ᠣᠯᠤᠰ ᠲᠤᠷ ᠬᠠᠨ ᠦᠭᠡᠶ ᠪᠣᠶᠤ》 ᠭᠡᠳ ᠭᠦᠵᠦᠭᠦᠨ ᠳᠡᠭᠡᠷ᠎ᠡ ᠪᠠᠨ ᠡᠷᠭᠦᠨ ᠬᠠᠭᠠᠨ ᠪᠣᠯᠭᠠᠵᠠᠢ᠃ ᠡᠨᠡ ᠪᠣᠯ ᠰᠤᠷᠪᠣᠯᠵᠢ ᠪᠢᠴᠢᠭ᠌ ᠲᠤ ᠳᠡᠮᠳᠡᠭᠯᠡᠭ᠍ᠳᠡᠭ᠍ᠰᠡᠨ ᠮᠤᠩᠭ᠋ᠤᠯ ᠤᠨ ᠳᠡᠭᠡᠳᠦᠰ ᠪᠣᠶᠤ ᠮᠤᠩᠭ᠋ᠤᠯ ᠬᠠᠤᠨ ᠤᠨ ᠳᠡᠭᠡᠳᠦᠰ ᠪᠦᠷᠳᠡ ᠴᠢᠨ᠋ᠸ᠎ᠠ ᠶᠢᠨ ᠨᠢ᠋ᠮᠠᠳᠤᠭᠠᠷ ᠦᠶ᠎ᠡ ᠶᠢᠨ ᠭᠢᠨᠢ ᠡᠪᠦᠭᠡ ᠭᠦᠵᠦᠭᠦᠨ ᠰᠠᠠᠳᠠᠯᠢᠳᠤ ᠬᠠᠭᠠᠨ ᠪᠢᠯᠠ᠃
《ᠬᠤᠷᠢᠶᠠᠩᠭ᠋ᠤᠢ ᠠᠯᠳᠠᠨ ᠳᠤᠪᠴᠢ》 ᠶᠢ ᠫᠠᠩᠪᠠ ᠯᠠᠮᠠ ᠶᠢᠨ ᠵᠤᠬᠢᠶᠠᠭᠰᠠᠨ 《ᠮᠡᠳᠡᠭ᠍ᠳᠡᠭᠦᠨ ᠢ ᠪᠠᠯᠭᠡᠳᠡᠢ᠌ᠶᠡ ᠭᠡᠢ᠌ᠭᠦᠯᠦᠭ᠍ᠴᠢ ᠱᠠᠰᠳᠢᠷ》 (ᠰᠡᠭᠦᠯ ᠤᠨ ᠦᠶ᠎ᠡ ᠶᠢᠨ ᠰᠤᠳᠤᠯᠤᠭᠴᠢᠳ 《ᠮᠠᠰᠢ ᠳᠤᠳᠤᠷᠬᠠᠢ ᠣᠬᠠᠭᠳᠠᠬᠤᠨ》 ᠭᠡᠵᠤ ᠨᠡᠷᠡᠯᠡᠳᠡᠭ᠌) ᠡᠴᠡ ᠡᠰᠢᠯᠡᠨ ᠮᠤᠩᠭ᠋ᠤᠯ ᠬᠠᠤᠨ ᠤᠨ ᠭᠠᠷᠪᠠᠯᠢ ᠶᠢ ᠡᠨᠡᠳᠭᠡᠭ᠌ ᠲᠦᠪᠡᠳ ᠡᠴᠡ ᠢᠷᠠᠯᠳᠠ ᠲᠡᠶ ᠪᠣᠯᠭᠠᠨ ᠪᠢᠴᠢᠯ᠎ᠠ ᠭᠡᠳᠡᠭ᠌ ᠪᠣᠯᠪᠠᠴᠤ ᠡᠨᠡ ᠳᠤᠮᠳᠠ ᠮᠦᠨ ᠭᠦ 《ᠳᠡᠭ᠍ᠷᠢ ᠡᠴᠡ ᠵᠠᠶᠠᠭᠠᠳᠤ ᠳᠦᠷᠦᠭ᠍ᠰᠡᠨ》 ᠭᠡᠭᠦ ᠣᠨᠤᠯ ᠴᠤ ᠳᠤᠤᠱᠯᠠᠭᠳᠠᠵᠤ ᠪᠠᠢ᠌ᠬᠤ ᠶᠢ ᠠᠩᠬᠠᠷᠤᠭᠤᠰᠢᠳᠠᠢ᠃ 《ᠬᠤᠷᠢᠶᠠᠩᠭ᠋ᠤᠢ ᠠᠯᠳᠠᠨ ᠳᠤᠪᠴᠢ》 ᠡᠴᠡ ᠦᠵᠡᠪᠠᠯ ᠪᠦᠷᠳᠡ ᠴᠢᠨ᠋ᠸ᠎ᠠ ᠨᠢ ᠳᠡᠭ᠍ᠷᠢ ᠡᠴᠡ ᠳᠦᠷᠦᠭ᠍ᠰᠡᠨ ᠪᠢᠰᠢ ᠳᠡᠭᠦᠨ ᠤ ᠳᠡᠭᠡᠳᠦᠰ ᠨᠢ ᠳᠡᠭ᠍ᠷᠢ ᠡᠴᠡ ᠵᠠᠶᠠᠭᠠᠳᠤ ᠳᠦᠷᠦᠭ᠍ᠰᠡᠨ ᠪᠠᠢ᠌ᠬᠤ ᠶᠤᠮ᠃
ᠡᠭᠦᠨ ᠢ ᠡᠷᠳᠡᠮᠳᠡᠨ ᠠᠷᠳᠠᠵᠠᠪ ᠨᠡᠷ ᠴᠤ ᠵᠦᠪ ᠣᠢ᠌ᠯᠠᠭᠠᠨ 《ᠨᠢᠭᠤᠴᠠ ᠳᠤᠪᠴᠢᠶᠠᠨ ᠤ ᠰᠡᠢ᠌ᠷᠡᠭᠦᠯᠦᠯ ᠳᠠᠢ᠌ᠯᠪᠣᠷᠢᠯᠠᠯ》 ᠳ᠋ᠠᠭᠠᠨ 《ᠴᠢᠩᠭᠢᠰ ᠬᠠᠭᠠᠨ ᠤ ᠢᠵᠠᠭᠤᠷ》 ᠭᠡᠰᠡᠨ ᠢ ᠡᠭᠢᠨ ᠤ ᠣᠯᠠᠭᠠᠨ ᠮᠦᠷ ᠪᠣᠶᠤ ᠳᠠᠳ᠋ ᠭᠠᠷᠴᠠᠭ ᠪᠣᠯᠭᠠᠨ ᠪᠠᠭᠤᠯᠭᠠᠵᠤ᠂ 《ᠳᠡᠭᠡᠳᠤ ᠳᠡᠭ᠍ᠷᠢ ᠡᠴᠡ ᠵᠠᠶᠠᠭᠠᠳᠤ ᠳᠦᠷᠦᠭ᠍ᠰᠡᠨ ᠪᠦᠷᠳᠡ ᠴᠢᠨ᠋ᠸ᠎ᠠ ᠠᠵᠤᠭᠤ》 ᠭᠡᠵᠤ ᠪᠢᠴᠢᠭ᠍ᠰᠡᠨ ᠨᠢ ᠳᠠᠷᠤᠢ ᠪᠦᠷᠳᠡ ᠴᠢᠨ᠋ᠸ᠎ᠠ ᠶᠢᠨ ᠳᠡᠭᠡᠳᠤ ᠣᠳᠤᠮ ᠨᠢ ᠳᠡᠭ᠍ᠷᠢ ᠡᠴᠡ ᠵᠠᠶᠠᠭᠠᠳᠤ ᠭᠡᠰᠡᠨ ᠰᠠᠨᠠᠭ᠎ᠠ ᠶᠢ ᠢᠯᠡᠷᠭᠡᠢ᠌ᠯᠡᠭᠦ ᠭᠡᠰᠡᠨ ᠮᠠᠭᠠᠤᠨ᠃ ᠳᠠᠢ᠌ᠮᠤ ᠡᠴᠡ ᠫᠠᠩᠪᠠ ᠯᠠᠮᠠ ᠶᠢᠨ ᠥᠭᠦᠯᠡᠯ (ᠳᠠᠷᠤᠢ 《ᠮᠡᠳᠡᠭ᠍ᠳᠡᠭᠦᠨ ᠢ ᠪᠠᠯᠭᠡᠳᠡᠢ᠌ᠶᠡ ᠭᠡᠢ᠌ᠭᠦᠯᠦᠭ᠍ᠴᠢ ᠱᠠᠰᠳᠢᠷ》᠂ ᠡᠨᠡ ᠪᠣᠯ ᠫᠠᠩᠪᠠ ᠯᠠᠮᠠ ᠡᠴᠡ ᠬᠤᠪᠢᠯᠠᠢ ᠬᠠᠭᠠᠨ ᠤ ᠭᠦᠤ ᠴᠢᠩᠭᠢᠮ ᠳᠠᠢ᠌ᠵᠢ ᠳᠤ ᠶᠠᠷᠢᠵᠤ ᠦᠭᠭᠦᠭ᠍ᠰᠡᠨ ᠢᠯᠡᠳᠭᠡᠯ᠂ 14 ᠳ᠋ᠦᠭᠡᠷ ᠵᠠᠭᠤᠨ ᠤ ᠡᠭᠢᠨ ᠳᠤ ᠫᠠᠩᠪᠠ ᠯᠠᠮᠠ ᠶᠢᠨ ᠱᠠᠪᠢ ᠱᠠᠷᠪᠠ ᠳᠡᠭᠦᠨ ᠢ ᠭᠢᠳᠠᠳᠴᠢᠯᠠᠵᠤ ᠳᠡᠭᠦᠪᠦᠷᠢᠯᠡᠵᠡᠢ) ᠪᠠ 《ᠬᠤᠷᠢᠶᠠᠩᠭ᠋ᠤᠢ ᠠᠯᠳᠠᠨ ᠳᠤᠪᠴᠢ》 ᠵᠢᠨ ᠠᠭᠤᠯᠭ᠎ᠠ ᠳ᠋ᠠᠭᠢ ᠪᠦᠷᠳᠡ ᠴᠢᠨ᠋ᠸ᠎ᠠ ᠶᠢᠨ ᠳᠡᠭᠡᠳᠤ ᠦᠶ᠎ᠡ ᠳ᠋ᠤᠨᠢ ᠳᠡᠭ᠍ᠷᠢ ᠡᠴᠡ ᠵᠠᠶᠠᠭᠠᠳᠤ ᠭᠦᠮᠤᠨ ᠪᠠᠢ᠌ᠭᠰᠠᠨ ᠭᠡᠳᠡᠭ᠌ ᠪᠠ 《ᠨᠢᠭᠤᠴᠠ ᠳᠤᠪᠴᠢᠶᠠᠨ》 ᠊ᠤ ᠡᠭᠢᠨ ᠤ ᠭᠡᠰᠡᠭ᠌ ᠤᠨ ᠥᠭᠦᠯᠡᠮᠵᠢ ᠨᠢ ᠦᠨᠳᠦᠰᠦᠨ ᠳᠡᠭᠡᠨ ᠳᠤᠭᠢᠷᠠᠵᠤ ᠪᠣᠢ᠃ ᠡᠭᠦᠨ ᠢ ᠵᠠᠷᠢᠮ ᠡᠷᠳᠡᠮᠳᠡᠳ ᠮᠡᠷᠭᠡᠳ ᠥᠷᠦᠭᠡᠰᠦᠯ ᠶᠢᠡᠷ ᠳᠠᠨᠢᠵᠤ᠂ 《ᠳᠡᠭ᠍ᠷᠢ ᠶᠢᠨ ᠨᠤᠬᠠᠢ》 ᠭᠡᠵᠤ ᠴᠡᠭᠡᠷᠯᠡᠳᠡᠭ᠌ ᠴᠢᠨ᠋ᠸ᠎ᠠ ᠡᠴᠡ ᠡᠭᠦᠰᠦᠯᠳᠡᠢ ᠪᠣᠯᠭᠠᠨ ᠳᠠᠢ᠌ᠯᠪᠣᠷᠢᠯᠠᠭᠰᠠᠨ ᠨᠢ ᠱᠠᠯ ᠳᠠᠢ᠌ᠮᠤ ᠣᠴᠢᠷ ᠪᠢᠯᠠ᠃
ᠳᠠᠢ᠌ᠮᠤ ᠡᠴᠡ ᠮᠤᠩᠭ᠋ᠤᠯ ᠲᠦᠷᠦᠯᠳᠠᠨ ᠪᠣᠶᠤ ᠠᠳᠠᠭ ᠲᠠᠭᠠᠨ ᠮᠤᠩᠭ᠋ᠤᠯ ᠬᠠᠤᠨ ᠤᠨ ᠣᠳᠤᠮ (ᠦᠨᠡᠨ ᠳᠡᠭᠡᠨ ᠮᠤᠩᠭ᠋ᠤᠯᠴᠤᠳ ᠤᠨ ᠰᠡᠳᠭᠢᠭᠦᠢ ᠳᠤ ᠬᠠᠤᠨ ᠪᠣᠯ ᠭᠦᠮᠤᠨ ᠤ ᠦᠨᠳᠦᠰᠦ ᠭᠡᠮᠡᠨ ᠥᠵᠡᠳᠡᠭ᠌) ᠨᠢ ᠳᠡᠭ᠍ᠷᠢ ᠡᠴᠡ ᠭᠠᠷᠤᠯ ᠲᠡᠶ ᠠᠵᠠᠢ᠃ ᠮᠤᠩᠭ᠋ᠤᠯ ᠬᠠᠤᠨ ᠤᠨ ᠣᠳᠤᠮ ᠢ ᠡᠨᠤᠨᠭᠡᠭ᠌ ᠲᠦᠪᠡᠳ ᠡᠴᠡ ᠭᠠᠷᠤᠯᠳᠠᠢ ᠭᠡᠳᠡᠭ᠌ ᠢ ᠠᠩᠬ᠎ᠠ ᠳᠦᠳᠡᠭᠡᠯᠵᠡᠭ᠍ᠰᠡᠨ ᠭᠡᠵᠤ ᠥᠵᠡᠳᠡᠭ᠌ ᠡᠷᠳᠡᠮᠳᠡᠨ ᠳᠡᠦᠭᠡᠴᠢ ᠦᠵᠦᠮᠤᠴᠢᠨ ᠭᠤᠮᠪᠣᠵᠠᠪ ᠴᠤ 《ᠣᠰᠤᠨ ᠤ ᠡᠭᠢ ᠴᠠᠰᠤᠨ ᠡᠴᠡ ᠰᠠᠯᠤᠭᠰᠠᠨ᠂ ᠭᠦᠮᠤᠨ ᠤ ᠡᠭᠢ ᠳᠡᠭ᠍ᠷᠢ ᠡᠴᠡ ᠰᠠᠯᠤᠭᠰᠠᠨ》 ᠭᠡᠳᠡᠭ᠌ ᠢ ᠢᠳᠡᠭᠡᠨ ᠳᠡᠮᠳᠡᠭᠯᠡᠭ᠍ᠰᠡᠨ ᠪᠠᠢ᠌ᠳᠠᠭ ᠪᠠ ᠨᠤᠮ ᠶᠢᠡᠨ 《ᠭᠠᠩᠭ᠋᠎ᠠ ᠮᠦᠷᠠᠨ》 ᠭᠡᠰᠡᠨ ᠨᠢ ᠨᠥᠭᠦᠭᠡ ᠺᠠᠩᠺᠠ ᠮᠦᠷᠠᠨ ᠳᠤ ᠬᠠᠶᠠᠭᠳᠠᠭᠰᠠᠨ ᠰᠤᠨᠢᠨ ᠭᠠᠷᠪᠠᠯ ᠲᠡᠶ ᠭᠦᠵᠦᠭᠦᠨ ᠰᠠᠠᠳᠠᠯᠢᠳᠤ ᠬᠠᠭᠠᠨ ᠤ ᠶᠠᠪᠣᠳᠠᠯ ᠢ ᠢᠳᠡᠭᠡᠭ᠍ᠰᠡᠨ ᠪᠠᠢ᠌ᠬᠤ ᠪᠣᠯᠤᠮᠵᠢᠳᠠᠢ᠃
ᠳᠡᠭᠡᠪᠠᠯ ᠮᠤᠩᠭ᠋ᠤᠯᠴᠤᠳ ᠤᠨ ᠳᠡᠭᠡᠳᠤ ᠳᠡᠭ᠍ᠷᠢ ᠡᠴᠡ ᠵᠠᠶᠠᠭᠠᠭᠰᠠᠨ ᠭᠡᠳᠡᠭ᠌ ᠨᠢ ᠦᠨᠡᠩᠬᠦ ᠰᠥᠰᠦᠭ᠌ ᠪᠢᠰᠢᠷᠠᠯ ᠤᠨ ᠣᠤᠠᠬᠠᠳᠤ ᠳᠡᠭ᠍ᠷᠢ ᠰᠢᠳᠦᠯᠭᠡ ᠡᠴᠡ ᠢᠷᠠᠯᠳᠠᠢ ᠶᠤᠮ ᠦᠦ︖ ᠡᠰᠡᠭᠦᠯ᠎ᠡ ᠦᠨᠦ ᠴᠤ ᠳᠡᠭᠡᠷ᠎ᠡ ᠭᠦᠭᠡᠷᠡᠭᠦ ᠭᠢᠵᠠᠭᠠᠷ ᠦᠭᠡᠶ ᠣᠷᠴᠢᠯᠠᠩ ᠢ ᠵᠢᠭᠠᠭᠰᠠᠨ ᠶᠤᠮ ᠦᠦ ᠭᠡᠳᠡᠭ᠌ ᠨᠢ ᠠᠩᠬᠠᠷᠤᠭᠤᠰᠢᠳᠠᠢ᠃
ᠮᠤᠩᠭ᠋ᠤᠯ ᠤᠨ ᠰᠤᠷᠪᠣᠯᠵᠢ ᠪᠢᠴᠢᠭ᠌ ᠤᠳ ᠡᠴᠡ ᠰᠢᠭᠦᠨ ᠳᠤᠩᠭ᠋ᠠᠪᠠᠯ ᠮᠤᠩᠭ᠋ᠤᠯᠴᠤᠳ ᠤᠨ ᠶᠠᠷᠢᠵᠤ ᠪᠣᠢ 《ᠳᠡᠭᠡᠳᠤ ᠳᠡᠭ᠍ᠷᠢ》 ᠨᠢ ᠭᠡᠢ ᠬᠤᠭᠤᠰᠤᠨ ᠰᠢᠳᠦᠯᠭᠡ ᠪᠢᠰᠢᠷᠠᠯ ᠤᠨ ᠳᠡᠭ᠍ᠷᠢ ᠪᠢᠰᠢ ᠬᠠᠷᠢᠨ ᠦᠪ ᠦᠨᠡᠩᠬᠦ 《ᠳᠡᠭᠡᠷ᠎ᠡ ᠭᠦᠭᠡᠷᠡᠭ᠍ᠴᠢ ᠳ᠋ᠠ》 (ᠯᠤᠪᠰᠠᠩᠳᠠᠠᠽᠠᠨ ᠤ 《ᠠᠯᠳᠠᠨ ᠳᠤᠪᠴᠢ》ᠳ᠋ᠤ ᠪᠣᠢ) ᠭᠦᠭᠡ ᠳᠡᠭ᠍ᠷᠢ᠂ ᠦᠨᠦ ᠶᠢᠨ ᠠᠭᠤᠳᠠᠮ ᠣᠷᠴᠢᠯᠠᠩ ᠢ ᠵᠢᠭᠠᠵᠤ ᠪᠣᠢ᠃ ᠳᠡᠭᠡᠪᠠᠯ ᠶᠠᠭᠤᠨ ᠳᠤ 《ᠳᠡᠭᠡᠳᠤ ᠳᠡᠭ᠍ᠷᠢ ᠡᠴᠡ ᠵᠠᠶᠠᠭᠠᠳᠤ ᠳᠦᠷᠦᠭ᠍ᠰᠡᠨ》 ᠭᠡᠵᠤ ᠥᠭᠦᠯᠡᠳᠡᠭ᠌ ᠪᠣᠢ ᠭᠡᠪᠠᠯ ᠮᠤᠩᠭ᠋ᠤᠯᠴᠤᠳ ᠶᠡᠭᠡ ᠳᠡᠭᠡᠷ᠎ᠡ ᠦᠶ᠎ᠡ ᠡᠴᠡ ᠪᠠᠨ ᠣᠷᠴᠢᠯᠠᠩ ᠤᠨ ᠳᠤᠬᠠᠢ ᠣᠢ᠌ᠯᠠᠭᠠᠭᠳᠠᠬᠤᠨ ᠲᠡᠶ ᠪᠦᠭᠡᠳ ᠥᠭᠡᠷ᠎ᠡ ᠣᠷᠴᠢᠯᠠᠩ ᠤᠨ ᠭᠦᠮᠤᠨ ᠠᠮᠢᠳᠠᠨ ᠭᠡᠭᠦ ᠣᠬᠠᠭᠳᠠᠬᠤᠨ ᠳᠤ ᠬᠠᠮᠤᠭ ᠳᠦᠷᠦᠭᠦᠤ ᠣᠷᠠᠨ ᠳᠠᠭᠠᠮᠠᠭ ᠪᠣᠶᠤ ᠳᠤᠮᠤᠭ ᠵᠤᠬᠢᠶᠠᠵᠤ᠂ ᠰᠢᠳᠦᠯᠭᠡ ᠪᠦᠷᠢᠯᠳᠦᠭᠦᠯᠦᠭ᠍ᠰᠡᠨ ᠦᠨᠳᠦᠰᠦᠳᠠᠨ ᠭᠡᠵᠤ ᠥᠵᠡᠭᠦ ᠬᠤᠪᠢ ᠲᠡᠶ ᠠᠵᠠᠢ᠃ 《ᠨᠢᠭᠤᠴᠠ ᠳᠤᠪᠴᠢᠶᠠᠨ》᠊ᠤ 245 ᠳ᠋ᠤᠭᠠᠷ ᠵᠣᠢ᠌ᠯ ᠳᠤ 《ᠣᠳᠤᠳᠠᠢ ᠳᠡᠭ᠍ᠷᠢ ᠣᠷᠴᠢᠵᠤ ᠪᠦᠯᠦᠭᠡ᠂ ᠣᠯᠠᠨ ᠣᠯᠤᠰ ᠪᠣᠯᠯᠠᠭᠠ ᠪᠦᠯᠡᠭᠡ ᠁ ᠭᠦᠷᠢᠰᠤ ᠲᠡᠶ ᠡᠳᠦᠭᠡᠨ ᠭᠦᠷᠪᠠᠵᠤ ᠪᠦᠯᠦᠭᠡ》 ᠭᠡᠰᠡᠨ ᠭᠡᠯᠡᠯᠭᠡ ᠪᠠᠢ᠌ᠳᠠᠭ ᠨᠢ ᠳᠡᠯᠡᠭᠡᠢ ᠶᠢᠨ ᠪᠦᠮᠪᠦᠷᠴᠡᠭ᠌ ᠪᠣᠯ ᠡᠷᠭᠢᠵᠤ ᠳᠤᠭᠤᠷᠢᠵᠤ ᠪᠠᠢ᠌ᠳᠠᠭ ᠣᠷᠴᠢᠯᠠᠩ ᠤᠨ ᠣᠯᠠᠨ ᠣᠳᠤᠳ ᠴᠤ ᠪᠦᠮᠪᠦᠷᠴᠡᠭ᠌ ᠤᠨ ᠣᠷᠴᠢᠨ ᠳᠤ ᠣᠷᠴᠢᠨ ᠡᠷᠭᠢᠯᠳᠦᠵᠤ ᠪᠠᠢ᠌ᠳᠠᠭ ᠭᠡᠰᠡᠨ ᠰᠢᠡᠵᠢᠯᠡᠭᠦᠢ ᠣᠬᠠᠭᠠᠨ ᠤ ᠶᠤᠰᠤ ᠶᠢ ᠡᠡᠭ᠌ ᠤᠨ ᠠᠷᠠᠤᠨ ᠤᠨ ᠰᠠᠴᠠᠨ ᠥᠭᠡᠰ ᠮᠠᠳᠤ ᠭᠡᠯᠡᠯᠴᠡᠵᠤ ᠪᠠᠢ᠌ᠬᠤ ᠨᠢ ᠳᠠᠳᠠᠨ ᠤ ᠣᠷᠴᠢᠯᠠᠩ ᠳᠡᠯᠡᠭᠡᠢ ᠶᠢᠨ ᠳᠤᠬᠠᠢ ᠣᠬᠠᠭᠳᠠᠬᠤᠨ ᠨᠢ ᠨᠠᠯᠢᠶᠠᠤᠨ ᠪᠣᠯᠪᠠᠰᠤᠷᠠᠩᠭ᠋ᠤᠢ᠂ ᠨᠠᠢ᠌ᠳᠠᠴᠢ ᠪᠣᠯᠤᠭᠰᠠᠨ ᠢ ᠬᠠᠷᠠᠭᠤᠯᠵᠤ ᠪᠣᠢ᠂ ᠡᠨᠡᠭᠦ ᠰᠢᠡᠵᠢᠯᠡᠭᠦ ᠣᠬᠠᠭᠠᠠᠴᠢ ᠦᠵᠡᠯᠳᠠ ᠨᠢ ᠫᠣᠯᠠᠠᠳ᠋ ᠶᠢᠨ ᠣᠳᠤᠨ ᠣᠷᠤᠨ ᠤ ᠣᠬᠠᠭᠠᠠᠳᠠᠨ ᠨᠢᠺᠦᠯᠠ ᠺᠦᠫᠧᠷᠨᠢᠺ ᠶᠢᠨ ᠦᠵᠡᠯᠳᠠ ᠡᠴᠡ ᠭᠤᠷᠪᠠᠨ ᠵᠢᠯ ᠣᠷᠢᠳᠠᠭᠰᠠᠨ ᠪᠠᠢ᠌ᠳᠠᠭ᠃
ᠮᠦᠨ 《ᠬᠤᠷᠢᠶᠠᠩᠭ᠋ᠤᠢ ᠠᠯᠳᠠᠨ ᠳᠤᠪᠴᠢ》 ᠳ᠋ᠠᠭᠢ 《ᠭᠦᠭᠡ ᠭᠡᠷᠢᠰ ᠤᠨ ᠦᠰᠦᠳᠤ᠂ ᠭᠠᠷ ᠭᠦᠯ ᠠᠨᠤ ᠬᠠᠪᠳᠠᠭᠠᠢ᠂ ᠨᠢᠳᠤᠨ ᠢᠨᠤ ᠳᠤᠤᠷᠠᠴᠠ ᠳᠡᠭᠡᠭ᠍ᠰᠢᠳᠡ ᠠᠨᠢᠬᠤ》 ᠮᠠᠳᠤ ᠶᠢᠨ ᠳᠦᠷᠰᠦᠯᠠᠯ ᠤᠳ ᠨᠢ ᠦᠨᠦ ᠶᠢᠨ ᠵᠦᠩᠨᠠᠯ ᠤᠨ ᠺᠢᠨᠤ᠋ ᠳ᠋ᠠᠭᠢ ᠥᠭᠡᠷ᠎ᠡ ᠣᠷᠴᠢᠯᠠᠩ ᠤᠨ ᠪᠠᠶᠠᠳᠤ ᠭᠦᠮᠤᠨ ᠲᠡᠶ ᠮᠠᠰᠢ ᠠᠳᠠᠯᠢᠬᠠᠨ ᠪᠠᠢ᠌ᠬᠤ ᠨᠢ ᠭᠠᠢ᠌ᠬᠠᠯᠳᠠᠢ ᠰᠥᠪᠠᠭ᠍ᠴᠢᠯᠡᠯ ᠪᠣᠰᠤ ᠦᠦ︖
ᠨᠠᠩ ᠴᠤ 《ᠨᠢᠭᠤᠴᠠ ᠳᠤᠪᠴᠢᠶᠠᠨ》 ᠳ᠋ᠠᠭᠢ ᠪᠣᠳᠠᠠᠴᠢᠷ ᠤᠨ ᠳᠦᠷᠦᠭ᠍ᠰᠡᠨ ᠰᠢᠯᠳᠠᠭᠠᠨ ᠢ ᠴᠡᠭᠡᠨ ᠰᠢᠷ᠎ᠠ ᠭᠦᠮᠤᠨ ᠭᠡᠷ ᠤᠨ ᠡᠷᠦᠭᠡ ᠳᠤᠳᠤᠭᠤ ᠶᠢᠨ ᠭᠡᠭᠡ ᠪᠠᠷ ᠣᠷᠤᠵᠤ ᠢᠷᠠᠵᠤ ᠪᠠᠢ᠌ᠬᠤ ᠪᠠᠷ ᠳᠠᠢ᠌ᠯᠪᠣᠷᠢᠯᠠᠭᠰᠠᠨ ᠨᠢ 《ᠭᠡᠷᠡᠯ ᠤᠨ ᠵᠢᠷᠤᠮᠰᠤᠯᠠᠯ》 ᠭᠡᠭᠦ ᠪᠣᠯᠪᠠᠴᠤ ᠡᠨᠡ ᠭᠦᠮᠤᠨ ᠨᠢ ᠭᠡᠷᠡᠯ ᠶᠢᠡᠷ ᠢᠷᠠᠵᠤ ᠶᠠᠪᠣᠭ᠎ᠠ ᠥᠭᠡᠷ᠎ᠡ ᠣᠷᠴᠢᠯᠠᠩ ᠤᠨ ᠭᠦᠮᠤᠨ ᠮᠠᠳᠤ ᠰᠠᠨᠠᠭᠳᠠᠨ᠎ᠠ᠃ ᠡᠨᠡ ᠳᠤ ᠪᠠᠰᠠ ᠪᠣᠳᠠᠠᠴᠢᠷ ᠢ ᠳᠡᠮᠳᠡᠭ᠌ ᠠᠨᠤ ᠳᠡᠭ᠍ᠷᠢ ᠶᠢᠨ ᠭᠦᠪᠠᠭᠦᠨ ᠪᠣᠶᠤ ᠭᠡᠵᠤ ᠪᠣᠢ᠃ ᠡᠨᠡᠭᠦ ᠳᠡᠮᠳᠡᠭ᠌ ᠭᠡᠰᠡᠨ ᠢ ᠵᠠᠷᠢᠮ ᠰᠤᠳᠤᠯᠤᠭᠠᠴᠢᠳ ᠰᠤᠶᠤᠯ ᠵᠦᠢ᠌ ᠶᠢᠨ ᠡᠭᠦᠳᠡᠨ ᠡᠴᠡ ᠭᠡᠢ᠌ᠰᠪᠦᠷᠢᠯᠡᠨ ᠳᠠᠢ᠌ᠯᠪᠣᠷᠢᠯᠠᠭᠰᠠᠨ ᠪᠠᠢ᠌ᠳᠠᠭ᠃ ᠡᠨᠡᠭᠦ ᠳᠡᠮᠳᠡᠭ᠌ ᠪᠣᠯ ᠵᠢᠩᠭᠢᠨᠢ ᠭᠦᠮᠤᠨ ᠤ ᠪᠠᠶ᠎ᠠ ᠳᠤ ᠪᠣᠢ ᠳᠡᠮᠳᠡᠭ᠌᠂ ᠳᠠᠷᠤᠢ ᠦᠨᠦ ᠶᠢᠨ ᠮᠤᠩᠭ᠋ᠤᠯᠴᠤᠳ ᠤᠨ ᠥᠭᠡᠵᠢᠩ ᠬᠠᠪᠢ ᠳᠤ ᠢᠯᠡᠷᠡᠳᠡᠭ᠌ ᠭᠦᠷᠡᠩ ᠣᠯᠠᠭᠠᠨ ᠮᠡᠩᠭᠡ ᠳᠡᠮᠳᠡᠭ᠌ ᠢ ᠥᠭᠦᠯᠡᠵᠤ ᠪᠠᠢ᠌ᠭ᠎ᠠ ᠠᠵᠠᠢ᠃ ᠳᠡᠭᠡᠪᠠᠯ ᠴᠢᠩᠭᠢᠰ ᠬᠠᠭᠠᠨ ᠢ ᠳᠡᠭ᠍ᠷᠢ ᠡᠴᠡ ᠵᠠᠶᠠᠭᠠᠭᠰᠠᠨ ᠭᠡᠵᠤ ᠰᠢᠭᠤᠳ ᠭᠡᠯᠡᠭ᠍ᠰᠡᠨ ᠦᠭᠡᠶ ᠴᠤ 《ᠨᠢᠭᠤᠴᠠ ᠳᠤᠪᠴᠢᠶᠠᠨ》 ᠊ᠤ 59 ᠳ᠋ᠦᠭᠡᠷ ᠵᠣᠢ᠌ᠯ ᠳᠤ 《ᠪᠠᠷᠠᠭᠤᠨ ᠭᠠᠷ ᠲᠤᠷ ᠶᠢᠡᠨ ᠰᠢᠬ᠎ᠠ ᠶᠢᠨ ᠳᠠᠳᠤᠢ ᠨᠦᠳᠤᠨ ᠠᠳᠬᠠᠨ ᠳᠦᠷᠦᠵᠦᠭᠦᠢ》 ᠭᠡᠰᠡᠨ ᠨᠦᠵᠢ ᠪᠣᠶᠤ ᠮᠦᠨ ᠭᠦ ᠳᠡᠭ᠍ᠷᠢ ᠶᠢᠨ ᠳᠡᠮᠳᠡᠭ᠌ ᠨᠦᠵᠢᠨ (ᠭᠦᠷᠡᠩ ᠣᠯᠠᠭᠠᠨ) ᠮᠡᠩᠭᠡ ᠪᠠᠢ᠌ᠭᠰᠠᠨ ᠢ ᠥᠭᠦᠯᠡᠵᠤ ᠪᠣᠢ ᠠᠵᠠᠢ᠃
ᠡᠳᠡᠭᠡᠷ ᠳᠡᠭ᠍ᠷᠢ ᠶᠢᠨ ᠬᠡᠦᠬᠡᠳ ᠤᠳ ᠤᠨ ᠦᠶᠡᠯᠠᠯ ᠤᠨ ᠬᠤᠭᠤᠴᠠᠭ᠎ᠠ ᠨᠢ ᠠᠳᠠᠯᠢ᠃ ᠴᠢᠩᠭᠢᠰ ᠪᠣᠭᠳᠠ 1162 ᠣᠨ ᠳᠤ ᠳᠦᠷᠦᠭ᠍ᠰᠡᠨ᠂ ᠪᠣᠳᠠᠠᠴᠢᠷ ᠠᠩᠬᠠᠳᠤᠭᠠᠷ ᠵᠠᠭᠤᠨ ᠤ 90 ᠣᠨ ᠤ ᠪᠠᠷᠤᠭᠴᠠᠭ᠎ᠠ ᠳᠦᠷᠦᠭ᠍ᠰᠡᠨ᠂ ᠪᠦᠷᠳᠡ ᠴᠢᠨ᠋ᠸ᠎ᠠ 758 ᠣᠨ ᠳᠤ ᠳᠦᠷᠦᠭ᠍ᠰᠡᠨ᠂ ᠭᠦᠵᠦᠭᠦᠨ ᠰᠠᠠᠳᠠᠯᠢᠳᠤ ᠬᠠᠭᠠᠨ ᠪᠣᠯᠳᠠᠯᠠᠭᠢ ᠳᠤᠮᠳᠠ ᠨᠠᠰᠤ ᠶᠢ 25 ᠪᠠᠷ ᠪᠣᠳᠤᠪᠠᠯ 500 ᠣᠨ ᠤ ᠪᠠᠷᠤᠭᠴᠠᠭ᠎ᠠ ᠳᠤ ᠳᠤᠭᠢᠷᠠᠬᠤ ᠪᠣᠯᠤᠨ᠎ᠠ᠃
ᠳᠠᠭᠢᠪᠠᠯ ᠡᠳᠡᠭᠡᠷ ᠳᠡᠭ᠍ᠷᠢ ᠡᠴᠡ ᠵᠠᠶᠠᠭᠠᠳᠤ ᠳᠦᠷᠦᠭ᠍ᠰᠡᠳ ᠤᠨ ᠭᠡᠭᠦᠷ ᠴᠤᠭᠴᠠᠰ ᠨᠢ ᠴᠤ ᠳᠡᠭ᠍ᠷᠢ ᠳᠤ ᠪᠣᠴᠠᠵᠤ ᠪᠠᠢ᠌ᠬᠤ ᠥᠭᠦᠯᠡᠮᠵᠢ ᠤᠳ ᠢ ᠠᠩᠬᠠᠷᠤᠭᠤᠰᠢᠳᠠᠢ᠃
《ᠨᠢᠭᠤᠴᠠ ᠳᠤᠪᠴᠢᠶᠠᠨ》 ᠊ᠤ 26 ᠳ᠋ᠤᠭᠠᠷ ᠵᠣᠢ᠌ᠯ ᠳᠤ 《ᠳᠠᠪ ᠢ ᠳᠠᠯᠪᠢᠭᠰᠠᠨ ᠬᠤᠰᠢᠯᠠᠭ ᠤᠨ ᠡᠷᠦᠭᠡ ᠳᠦᠷᠢᠵᠤ ᠡᠭᠦᠳᠡᠨ ᠳᠠᠷᠤᠵᠤ ᠢᠷ᠎ᠠ ᠰᠠᠭᠢᠭᠤᠯᠪᠠᠰᠤ᠂ ᠭᠤᠳᠠᠭᠠᠷ ᠰᠦᠨᠢ ᠡᠳᠦᠷ ᠰᠢᠷ᠎ᠠ ᠳ᠋ᠠ ᠭᠡᠷ ᠤᠨ ᠡᠷᠦᠭᠡ ᠨᠡᠭᠡᠵᠤ ᠪᠠᠶ᠎ᠠ ᠰᠠᠯᠳᠠ ᠭᠠᠷᠴᠤᠬᠤᠢ》 ᠭᠡᠵᠤ ᠳᠠᠪ ᠳᠡᠭ᠍ᠷᠢ ᠶᠢᠨ ᠭᠡᠭᠦᠷ ᠪᠠᠶ᠎ᠠ ᠨᠢ ᠠᠯᠠᠭ᠎ᠠ ᠪᠣᠯᠤᠭᠰᠠᠨ ᠢ ᠳᠡᠮᠳᠡᠭᠯᠡᠵᠤ ᠪᠣᠢ᠃ ᠳᠠᠪ ᠪᠣᠯ ᠳᠡᠭ᠍ᠷᠢ ᠳᠤᠯᠠ ᠳᠡᠭ᠍ᠷᠢ ᠳᠡᠭᠡᠨ ᠳᠠᠪᠰᠢᠭᠰᠠᠨ ᠠᠵᠠᠢ᠃ ᠮᠦᠨ 《ᠨᠢᠭᠤᠴᠠ ᠳᠤᠪᠴᠢᠶᠠᠨ》 ᠊ᠤ 268 ᠳ᠋ᠤᠭᠠᠷ ᠵᠣᠢ᠌ᠯ ᠳᠤ 《ᠭᠠᠬᠠᠢ ᠵᠢᠯ ᠴᠢᠩᠭᠢᠰ ᠬᠠᠭᠠᠨ ᠳᠡᠭ᠍ᠷᠢ ᠳᠤ ᠭᠠᠷᠪᠠ》 ᠭᠡᠵᠤ ᠮᠡᠳᠡᠭᠡᠯᠡᠭ᠍ᠰᠡᠨ ᠡᠴᠡ ᠪᠣᠰᠤ ᠳᠡᠭᠦᠨ ᠤ ᠭᠡᠭᠦᠷ ᠴᠤᠭᠴᠢᠰ ᠤᠨ ᠳᠤᠬᠠᠢ ᠳᠡᠮᠳᠡᠭᠯᠡᠯ ᠪᠠᠢ᠌ᠳᠠᠭ ᠦᠭᠡᠶ ᠨᠢ ᠮᠦᠨ ᠳᠡᠭᠡᠷᠡᠭᠢ ᠠᠳᠠᠯᠢ ᠰᠠᠨᠠᠭ᠎ᠠ ᠮᠦᠨ ᠪᠣᠯᠤᠯᠳᠠᠢ᠂ ᠡᠨᠡ ᠨᠢ ᠴᠢᠩᠭᠢᠰ ᠬᠠᠭᠠᠨ ᠤ ᠳᠡᠭ᠍ᠷᠢ ᠡᠴᠡ ᠭᠠᠷᠤᠯᠳᠠᠢ ᠭᠡᠰᠡᠨ ᠢ ᠪᠠᠳᠤᠯᠠᠵᠤ ᠪᠣᠢ᠃
ᠡᠳᠡᠭᠡᠷ ᠳᠡᠭ᠍ᠷᠢ ᠳᠤ ᠭᠠᠷᠬᠤ ᠥᠭᠦᠯᠡᠮᠵᠢ ᠤᠳ ᠨᠢ ᠪᠣᠷᠬᠠᠨ ᠱᠠᠰᠢᠨ ᠤ ᠳᠡᠭ᠍ᠷᠢ ᠳᠤ ᠪᠣᠷᠬᠠᠨ ᠪᠣᠯᠵᠤ ᠳᠠᠪᠰᠢᠬᠤ ᠲᠡᠶ ᠡᠷᠡᠰ ᠣᠠᠳᠤᠤ ᠪᠠᠢ᠌ᠳᠠᠭ᠃ ᠪᠣᠷᠬᠠᠨ ᠤ ᠨᠤᠮᠯᠠᠯ ᠳᠤ 《ᠭᠡᠭᠡᠨ ᠢᠨᠠᠭᠤᠩᠭᠢ ᠥᠩᠭᠡᠳᠤ ᠪᠠᠶ᠎ᠠ ᠨᠥᠭ᠍ᠴᠢᠪᠠᠰᠤ ᠪᠠᠷ᠂ ᠭᠡᠢ᠌ᠭᠦᠯᠦᠭ᠍ᠴᠢ ᠥᠨᠡᠮᠯᠡᠭᠦᠢ ᠨᠤᠮ ᠤᠨ ᠪᠠᠶᠠᠳᠠᠨ ᠶᠡᠭᠦᠳᠭᠡᠯ ᠦᠭᠡᠶ》 ᠭᠡᠵᠤ ᠨᠤᠮ ᠤᠨ ᠪᠠᠶ᠎ᠠ (ᠳᠠᠷᠤᠢ ᠰᠦᠨᠠᠰᠤ) ᠨᠢ ᠥᠭᠦᠭᠦ ᠦᠭᠡᠶ᠂ ᠭᠡᠭᠦᠷ ᠪᠠᠶ᠎ᠠ ᠨᠢ ᠥᠭᠦᠵᠤ ᠥᠯᠡᠳᠡᠳᠡᠭ᠌ ᠭᠡᠰᠡᠨ ᠢ ᠥᠭᠦᠯᠡᠳᠡᠭ᠌᠃ ᠭᠡᠳᠡᠯ᠎ᠡ ᠮᠤᠩᠭ᠋ᠤᠯᠴᠤᠳ ᠤᠨ ᠳᠡᠭ᠍ᠷᠢ ᠳᠤ ᠳᠠᠪᠰᠢᠬᠤ ᠭᠡᠳᠡᠭ᠌ ᠨᠢ ᠭᠡᠭᠦᠷ ᠪᠠᠶ᠎ᠠ ᠨᠢ ᠴᠤ ᠠᠯᠠᠭ᠎ᠠ ᠪᠣᠯᠵᠤ ᠣᠤᠠᠳᠠᠭ᠃ ᠡᠨᠡ ᠳᠤᠬᠠᠢ᠂ ᠴᠢᠩᠭᠢᠰ ᠬᠠᠭᠠᠨ ᠤ ᠳᠡᠭ᠍ᠷᠢ ᠳᠤ ᠬᠠᠯᠢᠭᠰᠠᠨ ᠢ ᠱᠠᠰᠢᠨ ᠤ ᠠᠭᠤᠯᠭ᠎ᠠ ᠪᠣᠯᠭᠠᠨ ᠪᠢᠴᠢᠭ᠍ᠰᠡᠨ 《ᠭᠦᠭᠡ ᠳᠡᠦᠭᠡ》 ᠳ᠋ᠤ᠂ 《ᠰᠠᠷᠳᠠᠭᠤᠯ ᠭᠢᠭᠡᠳ ᠣᠢ᠌ᠬᠤᠷ ᠬᠤᠶᠠᠷ ᠤᠨ ᠵᠠᠪᠰᠠᠷ ᠴᠠᠭᠠᠨ ᠪᠠᠯᠭᠠᠰᠤᠨ᠎ᠠ ᠬᠠᠭᠤᠴᠢᠨ ᠪᠠᠶ᠎ᠠ ᠪᠠᠨ ᠳᠠᠯᠪᠢᠭᠠᠤᠨ ᠠᠷᠢᠭᠤᠨ ᠣᠷᠤᠨ ᠳᠤᠷ ᠣᠴᠠᠷᠠᠪᠠᠢ》 ᠭᠡᠳᠡᠭ᠌ ᠨᠢ ᠳᠠᠷᠤᠢ ᠭᠡᠭᠦᠷ ᠪᠠᠶ᠎ᠠ ᠪᠠᠨ ᠬᠤᠴᠤᠷᠭᠠᠵᠤ᠂ ᠨᠤᠮ ᠤᠨ ᠪᠠᠶ᠎ᠠ ᠨᠢ ᠣᠤᠠᠳᠠᠭ ᠱᠠᠰᠢᠨ ᠤ ᠥᠭᠦᠯᠡᠮᠵᠢ ᠶᠤᠮ᠃
ᠮᠤᠩᠭ᠋ᠤᠯᠴᠤᠳ ᠤᠨ ᠰᠡᠳᠭᠢᠭᠦᠢ ᠳᠤᠷ ᠳᠡᠭᠡᠳᠤ ᠳᠡᠭ᠍ᠷᠢ ᠡᠴᠡ ᠵᠠᠶᠠᠭᠠᠳᠤ ᠳᠦᠷᠦᠭᠦ᠂ ᠳᠡᠭ᠍ᠷᠢ ᠳᠤ ᠭᠠᠷᠬᠤ ᠨᠢ ᠪᠣᠷᠬᠠᠨ ᠱᠠᠰᠢᠨ ᠤ ᠠᠭᠤᠯᠭ᠎ᠠ ᠳ᠋ᠠᠭᠢ ᠭᠡᠭᠦ ᠬᠤᠭᠤᠰᠤᠨ ᠰᠢᠳᠦᠯᠭᠡᠨ ᠤ ᠣᠷᠤᠨ ᠵᠠᠢ ᠳ᠋ᠠᠭᠢ ᠳᠡᠭ᠍ᠷᠢ ᠪᠢᠰᠢ᠂ ᠬᠠᠷᠢᠨ ᠦᠪ ᠦᠨᠡᠩᠬᠦ ᠳᠡᠭᠡᠷ᠎ᠡ ᠭᠦᠭᠡᠷᠡᠭᠦ ᠳᠡᠭ᠍ᠷᠢ᠂ ᠠᠭᠤᠳᠠᠮ ᠣᠷᠴᠢᠯᠠᠩ ᠤᠨ ᠣᠷᠤᠨ ᠵᠠᠢ ᠶᠢ ᠥᠭᠦᠯᠡᠵᠤ ᠪᠣᠢ ᠶᠤᠮ᠃
2009 ᠣᠨ ᠤ 4 ᠰᠠᠷ᠎ᠠ ᠶᠢᠨ 25 ᠊ᠤ ᠡᠳᠦᠷ
ᠵᠤᠬᠢᠶᠠᠭᠴᠢ᠄ ᠵᠠ᠊·ᠰᠡᠢ᠌ᠡᠳᠡᠭᠦᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠮᠤᠩᠭᠤᠯ ᠲᠡᠦᠬᠡᠳᠠᠷᠤᠮ᠄ 7522
ᠴᠠᠭ᠄ 2009 ᠤᠨ ᠤ 06 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ