☆ ᠭᠦᠳᠡᠭᠡ
ᠡᠵᠢ ᠮᠢᠨᠢ ᠥᠳᠡᠯᠦᠴᠢᠭᠡᠯᠡ
ᠨᠠᠷᠠ ᠲᠡᠶ ᠬᠠᠮᠳᠤ ᠪᠣᠰᠴᠤ
ᠨᠠᠮᠢ᠋ᠢ ᠪᠠᠨ ᠥᠰᠭᠡᠭ᠍ᠰᠡᠨ ᠡᠵᠢ ᠮᠢᠨᠢ ᠥᠳᠡᠯᠦᠴᠢᠭᠡᠯᠡ
ᠰᠠᠷ᠎ᠠ ᠲᠡᠶ ᠬᠠᠮᠳᠤ ᠳᠠᠭᠤᠯᠠᠵᠤ
ᠰᠠᠳᠤᠨ ᠶᠢᠡᠨ ᠪᠠᠶᠠᠰᠬᠠᠭᠰᠠᠨ ᠡᠵᠢ ᠮᠢᠨᠢ ᠥᠳᠡᠯᠦᠴᠢᠭᠡᠯᠡ
ᠠᠮᠢᠳᠤᠷᠠᠯ ᠳᠠᠮᠠᠴᠠᠯ ᠳᠡᠭᠡᠨ ᠵᠢᠳᠭᠦᠵᠤ
ᠠᠨᠢᠰᠬ᠎ᠠ ᠳᠠᠭᠠᠨ ᠬᠤᠨᠢᠶᠠᠰᠤ ᠲᠡᠶ ᠪᠣᠯᠤᠭᠠᠤᠨ ᠡᠵᠢ ᠮᠢᠨᠢ ᠥᠳᠡᠯᠦᠴᠢᠭᠡᠯᠡ
ᠦᠷ᠎ᠡ ᠶᠢᠨ ᠶᠢᠡᠨ ᠲᠦᠯᠦᠭᠡ ᠦᠷᠡᠭ᠍ᠳᠡᠵᠤ
ᠥᠩᠭᠡᠳᠤ ᠬᠤᠷᠸ᠎ᠠ ᠶᠢᠨ ᠵᠢᠮ᠎ᠠ ᠪᠠᠷ ᠡᠵᠢ ᠮᠢᠨᠢ ᠥᠳᠡᠯᠦᠴᠢᠭᠡᠯᠡ
ᠮᠢᠠᠳᠠᠰᠤᠨ ᠴᠠᠭᠠᠨ ᠴᠢᠷᠠᠢ ᠳᠠᠭᠠᠨ ᠠᠮᠢᠳᠤᠷᠠᠯ ᠤᠨ ᠶᠢᠡᠨ ᠳᠡᠦᠭᠡ ᠶᠢ ᠳᠡᠮᠳᠡᠭᠯᠡᠵᠤ
ᠡᠵᠢ ᠮᠢᠨᠢ ᠥᠳᠡᠯᠦᠴᠢᠭᠡᠯᠡ
ᠰᠠᠠᠴᠢᠭ ᠤᠨ ᠦᠰᠦ ᠶᠢᠨ ᠶᠢᠡᠨ ᠳᠡᠭᠡᠭᠦᠷ
ᠰᠠᠢ᠌ᠬᠠᠨ ᠭᠢᠷᠠᠭᠤ ᠣᠨᠠᠭᠠᠭᠠᠤᠨ ᠡᠵᠢ ᠮᠢᠨᠢ ᠥᠳᠡᠯᠦᠴᠢᠭᠡᠯᠡ
ᠰᠠᠷᠠᠭᠤᠯ ᠳᠠᠯ᠎ᠠ ᠶᠢᠨ ᠶᠢᠡᠨ ᠳᠤᠮᠳᠠᠭᠤᠷ ᠬᠤᠨᠢ ᠪᠠᠨ ᠬᠠᠷᠢᠭᠤᠯᠵᠤ ᠶᠠᠪᠣᠭᠰᠠᠭᠠᠷ
ᠡᠵᠢ ᠮᠢᠨᠢ ᠥᠳᠡᠯᠦᠴᠢᠭᠡᠯᠡ
ᠡᠭᠡ ᠨᠢᠯᠬ᠎ᠠ ᠶᠢᠨ ᠳᠠᠭᠤᠨ ᠶᠢᠡᠷ ᠣᠢ᠌ᠯᠠᠰ ᠤᠨ ᠶᠢᠡᠨ ᠢᠨᠢᠶᠠᠳᠤ ᠪᠣᠯᠭᠠᠨ
ᠡᠵᠢ ᠮᠢᠨᠢ ᠥᠳᠡᠯᠦᠴᠢᠭᠡᠯᠡ
ᠡᠮᠴᠢᠯᠭᠡ ᠳᠤᠮᠴᠢᠯᠭᠠ ᠶᠢᠨ ᠣᠷ᠎ᠠ ᠪᠠᠷ ᠶᠢᠡᠨ ᠡᠨᠡᠷᠢᠯ ᠤᠨ ᠳᠡᠭ᠍ᠷᠢ ᠳᠤ ᠪᠣᠰᠤᠭᠰᠠᠨ
ᠡᠵᠢ ᠮᠢᠨᠢ ᠥᠳᠡᠯᠦᠴᠢᠭᠡᠯᠡ
ᠵᠤᠬᠢᠶᠠᠭᠴᠢ ᠶᠢᠨ ᠬᠠᠶᠢᠭ ᠄ ᠨᠢ᠋ᠮᠠᠨ ᠬᠤᠰᠢᠭᠤ
ᠵᠤᠬᠢᠶᠠᠭᠴᠢ᠄ ᠭᠦᠳᠡᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2842
ᠴᠠᠭ᠄ 2011 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ