☆ ᠬᠠᠨ ᠭᠡᠨᠳᠡᠢ
ᠠᠭᠤᠳᠠᠮ ᠳᠠᠯᠠᠪᠠᠢ ᠶᠢᠨ ᠦᠴᠢᠯ
ᠠᠭᠤᠳᠠᠮ ᠳᠠᠯᠠᠪᠠᠢ ᠭᠦᠯ ᠭᠦᠭᠡᠷᠴᠡᠭ᠌ ᠲᠡᠶ
ᠣᠯᠤᠰ ᠠᠷᠠᠤᠨ ᠪᠠᠶᠠᠷ ᠵᠢᠷᠭᠠᠯ ᠲᠡᠶ
ᠣᠷᠤᠢ ᠪᠣᠯᠭᠠᠨ ᠪᠦᠵᠢᠭ᠌ ᠴᠤᠭᠯᠠᠭ᠎ᠠ ᠲᠡᠶ
ᠣᠴᠠᠷᠠᠭᠰᠠᠨ ᠪᠣᠯᠭᠠᠨ ᠢᠨᠢᠶᠠᠳᠤ ᠬᠠᠨᠢᠶᠠᠳᠤ ᠲᠡᠶ
ᠡᠯᠢᠭᠡ ᠪᠦᠳᠤᠨ ᠣᠯᠤᠰ ᠭᠡᠷ
ᠡᠪ ᠵᠤᠭᠢᠴᠠᠯᠳᠤ ᠭᠦᠮᠤᠨ ᠠᠷᠠᠤᠨ
ᠡᠷᠢᠶᠡᠨ ᠡᠨᠡ ᠪᠦᠮᠪᠦᠷᠴᠡᠭ᠌ ᠳᠡᠭᠡᠷ᠎ᠡ ᠡᠴᠡ
ᠡᠷᠢᠭᠡᠳ ᠴᠤ ᠭᠡᠳᠤ ᠶᠢ ᠣᠯᠤᠨ᠎ᠠ ᠳ᠋ᠠ
ᠭᠡᠪᠠᠴᠤ ᠡᠨᠡ ᠰᠠᠢ᠌ᠬᠠᠨ ᠠᠮᠢᠳᠤᠷᠠᠯ ᠤᠨ
ᠭᠡᠭᠡ ᠭᠡᠢ᠌ᠭ᠍ᠰᠡᠨ ᠳᠠᠯ᠎ᠠ ᠶᠢᠨ ᠭᠢᠨᠢ ᠴᠠᠭᠠᠨ᠎ᠠ
ᠭᠡᠪ ᠰᠤᠷᠳᠠᠯ᠂ ᠠᠷᠢᠭᠤᠨ ᠴᠠᠪᠠᠷ
ᠭᠡᠭᠡᠭ᠍ᠳᠡᠵᠤ ᠪᠠᠢ᠌ᠬᠤ ᠶᠢ ᠴᠤ ᠠᠩᠬᠠᠷᠬᠤ ᠪᠣᠯᠪᠠᠤ ︕
ᠦᠷᠭᠡᠨ ᠨᠠᠷᠢᠨ ᠵᠡᠭᠡᠯᠢ ᠭᠤᠳᠤᠮᠵᠢ
ᠥᠡᠴᠦᠭ᠌ ᠪᠤᠯᠦᠡᠭ᠌᠂ ᠴᠡᠴᠡᠭ᠌ ᠤᠨ ᠳᠠᠳᠠᠭᠠᠯ
ᠬᠣᠢ᠌ᠯᠠᠷᠠᠵᠤ ᠳᠤᠭᠳᠠᠳᠠᠭ ᠭᠠᠵᠠᠷ ᠪᠣᠯᠭᠠᠨ ᠳᠤ
ᠬᠤᠭ ᠨᠤᠪᠰᠢ ᠭᠦᠭᠯᠡᠷᠡᠵᠤ ᠪᠠᠢ᠌ᠨᠠᠮ᠂
ᠣᠷᠭᠤᠭ᠎ᠠ ᠮᠤᠳᠤᠳ ᠤᠨ ᠰᠠᠯᠠᠭᠠᠨ ᠳᠤ ᠡᠯᠭᠦᠭ᠍ᠳᠡᠭ᠍ᠰᠡᠨ
ᠣᠯᠠᠭᠠᠨ ᠨᠤᠭᠤᠭᠠᠨ ᠭᠢᠯᠠᠭᠠᠷ ᠣᠭᠤᠳᠠ
ᠣᠯᠠᠨ ᠣᠯᠤᠰ ᠤᠨ ᠳᠤᠭ ᠰᠢᠭ ᠨᠠᠮᠢᠷᠠᠭᠠᠤᠨ
ᠣᠬᠠᠭ᠎ᠠ ᠪᠣᠳᠤᠯ ᠢ ᠳᠦᠭᠡᠷᠢᠭᠦᠯᠵᠤ ᠪᠠᠢ᠌ᠨᠠᠮ᠂
ᠵᠢᠷᠤᠭ ᠤᠨ ᠳᠠᠭᠢᠨᠢ ᠰᠢᠭ ᠭᠤᠯᠠᠭᠠᠢ᠌ᠳᠠᠯᠠ ᠵᠠᠰᠠᠴᠢᠬᠠᠭᠠᠤᠨ
ᠵᠠᠭᠤᠨ ᠲᠦᠮᠡ ᠶᠢᠨ ᠳᠡᠷᠭᠡ ᠪᠠᠷᠢᠭ᠎ᠠ ᠴᠤ
ᠶᠠᠪᠣᠵᠤ ᠪᠠᠢ᠌ᠭ᠎ᠠ ᠵᠠᠮ ᠤᠨ ᠶᠢᠡᠨ ᠳᠠᠯ᠎ᠠ ᠪᠠᠷ
ᠶᠠᠭᠠᠭᠢᠪᠠᠴᠤ ᠪᠠᠬᠠᠨ ᠠᠩᠬᠠᠷᠴᠤ ᠦᠵᠡ ᠳ᠋ᠠ᠂
ᠦᠷᠪᠣᠯᠵᠠᠵᠤ ᠭᠡᠢ᠌ᠰᠦᠭ᠍ᠰᠡᠨ ᠨᠤᠪᠰᠢ ᠶᠢᠨ ᠳᠤᠮᠳᠠᠭᠤᠷ
ᠥᠩᠭᠡᠳᠤ ᠳᠡᠷᠭᠡ ᠲᠡᠶ ᠭᠢᠯᠠᠰᠴᠤ ᠶᠠᠪᠣᠭ᠎ᠠ ᠴᠢᠨᠢ
ᠦᠬᠢᠷᠠᠵᠤ ᠥᠮᠭᠡᠢ᠌ᠷᠡᠭ᠍ᠰᠡᠨ ᠬᠤᠭ ᠤᠨ ᠣᠪᠣᠭᠠᠨ ᠳᠤ
ᠦᠳᠦᠨ ᠢᠯᠠᠭ᠎ᠠ ᠨᠢᠰᠭᠦ ᠲᠡᠶ ᠶᠠᠭᠤ ᠯᠠ ᠥᠭᠡᠷ᠎ᠡ ︖
ᠳᠠᠭᠢᠶᠠᠨ ᠰᠦᠷᠦᠭ᠌ ᠲᠤ ᠳᠤᠭᠤᠰ ᠪᠠᠭᠤᠭᠰᠠᠨ ᠰᠢᠭ
ᠳᠠᠩᠭᠢᠯ ᠪᠦᠰᠡᠭᠦᠢ ᠳᠡᠭ᠍ᠳᠡᠨ ᠪᠦᠵᠢᠭᠯᠡᠨ᠎ᠡ
ᠳᠠᠷᠪᠠᠯᠵᠢᠨ ᠭᠡᠢ᠌ᠰᠭᠦ ᠳᠤᠷᠭᠠᠨ ᠪᠠᠩᠵᠢᠯ
ᠳᠠᠶᠠᠭᠠᠷ ᠤᠨ ᠬᠠᠷᠠᠴᠠ ᠶᠢ ᠳᠡᠭᠦᠨ ᠳᠡᠭᠡᠷ᠎ᠡ ᠣᠶᠠᠨ᠎ᠠ
ᠣᠷᠢᠶᠠᠯᠢᠭ ᠳᠡᠭ᠍ᠵᠢᠨ ᠪᠦᠵᠢᠭ᠍ᠴᠢᠨ ᠪᠦᠰᠡᠭᠦᠢ
ᠣᠯᠠᠨ ᠤ ᠰᠡᠳᠭᠢᠯ ᠢ ᠰᠤᠷᠢᠠᠵᠢᠨ ᠰᠢᠭ ᠳᠠᠳᠠᠬᠤ ᠳᠤ
ᠣᠷᠠᠩᠬᠠᠢ ᠨᠠᠪᠳᠠᠷᠬᠠᠢ ᠴᠠᠭᠠᠰᠤ ᠨᠤᠪᠰᠢ ᠬᠠᠷᠢᠨ
ᠦᠨᠳᠦᠷ ᠥᠰᠦᠭᠡᠢ ᠳ᠋ᠤᠨᠢ ᠴᠢᠮᠡᠭ᠌ ᠪᠣᠯᠵᠤ ᠳᠠᠷᠪᠠᠨᠠ᠂
ᠬᠤᠷᠢᠨ ᠨᠢᠭᠡᠳᠦᠭᠡᠷ ᠵᠠᠭᠤᠨ ᠳᠤ ᠣᠷᠤᠭᠠᠤᠨ
ᠬᠤᠳᠠᠯᠠ ᠳᠠᠶᠠᠭᠠᠷ ᠭᠦᠭ᠍ᠵᠢᠨ ᠳᠠᠪᠰᠢᠬᠤ ᠳᠤ
ᠬᠤᠭ ᠨᠤᠪᠰᠢ ᠴᠤ ᠡᠷᠭᠡ ᠴᠢᠯᠦᠭᠡᠳᠡᠢ
ᠬᠤᠭᠤᠯᠠᠨ ᠳ᠋ᠤᠨᠢ ᠣᠷᠤᠴᠢᠮᠠᠷ ᠭᠡᠢ᠌ᠰᠭᠦ ᠪᠣᠯᠵᠠᠢ᠃
ᠴᠡᠴᠡᠭᠯᠡᠨ ᠭᠦᠭ᠍ᠵᠢᠵᠤ᠂ ᠪᠠᠶᠠᠵᠢᠨ ᠵᠢᠷᠭᠠᠴᠢᠬᠠᠪᠠᠯ
ᠴᠠᠪᠠᠷ ᠠᠷᠢᠭᠤᠨ ᠶᠢᠡᠨ ᠬᠠᠶᠠᠴᠢᠬᠠᠵᠤ ᠪᠣᠯᠬᠤ ᠦᠦ︖
ᠴᠢᠨᠤ ᠮᠢᠨᠤ ᠭᠡᠵᠤ ᠬᠤᠭᠤᠷᠤᠠᠳᠤ ᠪᠠᠨ ᠲᠦᠯᠭᠢᠯᠴᠡᠭᠡᠳ
ᠴᠠᠭᠠᠳᠤᠭᠢ ᠬᠣᠢ᠌ᠴᠢᠰ ᠲᠠᠭᠠᠨ ᠬᠤᠭ ᠯᠠ ᠥᠯᠡᠳᠡᠭᠡᠭᠦ ᠦᠦ︖
ᠵᠤᠬᠢᠶᠠᠭᠴᠢ ᠶᠢᠨ ᠬᠠᠶᠢᠭ ᠄ ᠪᠠᠭᠠᠷᠢᠨ
ᠵᠤᠬᠢᠶᠠᠭᠴᠢ᠄ ᠬᠠᠨ ᠭᠡᠨᠳᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2011 ᠤᠨ ᠤ 07 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ