☆ ᠭᠦᠷᠵᠡᠪ
ᠠᠷᠪᠠᠨ ᠬᠤᠶᠠᠷ ᠵᠢᠯ ᠭᠡᠮᠡᠭᠦ ᠰᠢᠯᠦᠭᠯᠡᠯ
(ᠬᠡᠦᠬᠡᠳ ᠤᠨ ᠣᠩᠰᠢᠯᠭ᠎ᠠ ᠰᠢᠯᠦᠭ᠌)
ᠮᠦᠩᠭᠦᠨ ᠴᠠᠭᠠᠨ ᠬᠤᠯᠤᠭᠠᠨ᠎ᠠ ᠵᠢᠯ
ᠮᠥᠭᠡᠷᠡᠭᠡᠳ ᠢᠷᠡᠳᠡᠭ᠌ ᠥᠭᠡᠷ ᠵᠢᠯ
ᠰᠢᠷ᠎ᠠ ᠡᠷᠢᠶᠡᠨ ᠪᠠᠷᠰ ᠵᠢᠯ
ᠱᠠᠯᠮᠠᠭᠠᠢ ᠬᠦᠩᠭᠡᠨ ᠳᠠᠤᠯᠠᠢ ᠵᠢᠯ
ᠡᠭᠦᠯᠡ ᠶᠢ ᠭᠦᠯᠦᠭᠯᠡᠭ᠍ᠴᠢ ᠯᠤᠤ ᠵᠢᠯ
ᠡᠪᠠᠰᠤ ᠶᠢ ᠣᠷᠢᠶᠠᠭᠴᠢ ᠮᠤᠭᠠᠢ ᠵᠢᠯ
ᠠᠯᠤᠰ ᠢ ᠤᠢ᠌ᠷᠠᠳᠤᠭᠤᠯᠤᠭᠴᠢ ᠮᠤᠷᠢᠨ ᠵᠢᠯ
ᠠᠭᠠᠰᠢ ᠨᠤᠮᠤᠬᠠᠨ ᠬᠤᠨᠢᠨ ᠵᠢᠯ
ᠡᠷᠳᠡᠮ ᠳᠡᠭᠦᠰ ᠪᠠᠴᠢᠨ ᠵᠢᠯ
ᠡᠷᠳᠡ ᠳᠤᠤᠭᠠᠷᠤᠭᠴᠢ ᠳᠠᠭᠢᠶ᠎ᠠ ᠵᠢᠯ
ᠬᠤᠳᠠ ᠰᠠᠭᠢᠭᠴᠢ ᠨᠤᠬᠠᠢ ᠵᠢᠯ
ᠬᠤᠩᠰᠢᠶᠠᠷ ᠣᠷᠳᠤ ᠭᠠᠬᠠᠢ ᠵᠢᠯ
* ᠳᠤᠰ ᠬᠡᠦᠬᠡᠳ ᠤᠨ ᠣᠩᠰᠢᠯᠭ᠎ᠠ ᠰᠢᠯᠦᠭ᠌ ᠪᠣᠯ ᠮᠢᠨᠤ ᠳᠡᠭᠡᠷ᠎ᠡ ᠵᠠᠭᠤᠨ ᠪ ᠳᠠᠯᠠᠭᠠᠤᠨ ᠣᠨ ᠪ ᠰᠡᠭᠦᠯᠴᠢ ᠪᠠᠷ ᠵᠤᠬᠢᠶᠠᠭᠰᠠᠨ ᠬᠡᠦᠬᠡᠳ ᠤᠨ ᠠᠮᠠᠨ ᠣᠩᠰᠢᠯᠭ᠎ᠠ ᠰᠢᠯᠦᠭ᠌ ᠪᠣᠯᠬᠤ ᠶᠤᠮ᠃ 1981 ᠣᠨ ᠳ᠋ᠤ 《ᠰᠢᠯᠢ ᠶᠢᠨ ᠭᠤᠤᠯ ᠤᠨ ᠡᠳᠦᠷ ᠤᠨ ᠰᠤᠨᠢᠨ》 ᠳ᠋ᠤ ᠠᠩᠬ᠎ᠠ ᠨᠡᠢ᠌ᠳᠡᠯᠡᠭ᠍ᠳᠡᠵᠤ᠂ ᠰᠡᠭᠦᠯᠡᠷ ᠨᠢ ᠪᠠᠭ᠎ᠠ ᠰᠤᠷᠭᠠᠭᠤᠯᠢ ᠪᠣᠶᠤ ᠬᠡᠦᠬᠡᠳ ᠤᠨ ᠴᠡᠴᠡᠷᠯᠢᠭ᠌ ᠤᠨ ᠰᠤᠷᠬᠤ ᠪᠢᠴᠢᠭ᠌ ᠪᠣᠶᠤ ᠣᠩᠰᠢᠬᠤ ᠨᠤᠮ ᠳᠤ ᠣᠯᠠᠨ ᠣᠳᠠᠭ᠎ᠠ ᠰᠤᠩᠭ᠋ᠤᠭᠳᠠᠨ ᠣᠷᠤᠭᠰᠠᠨ ᠪᠠᠢ᠌ᠭᠰᠠᠨ ᠬᠠᠷᠠᠭᠳᠠᠭᠰᠠᠨ᠃ ᠦᠨᠦᠳᠤᠷ ᠡ᠊ᠨᠳᠡ ᠳᠠᠭᠢᠨ ᠨᠠᠢ᠌ᠳᠠᠯᠠᠵᠤ᠂ ᠪᠢᠴᠢᠬᠠᠨ ᠬᠡᠦᠬᠡᠳ ᠳᠡᠭᠦᠤ ᠨᠡᠷ ᠲᠠᠭᠠᠨ ᠣᠩᠰᠢᠯᠭ᠎ᠠ ᠰᠤᠨᠢᠷᠬᠠᠯ ᠪᠣᠯᠭᠠᠬᠤ ᠶᠢ ᠵᠤᠷᠢᠯ᠎ᠠ᠃ ᠲ᠋ᠠ ᠪᠦᠭᠦᠨ ᠳᠤ ᠳᠠᠭᠠᠰᠢᠶᠠᠭᠳᠠᠬᠤ ᠪᠣᠯᠤᠭᠠᠰᠠᠢ︕
2011᠂ 02᠂ 08 ᠪ ᠥᠳᠡᠰᠢ᠂ ᠬᠦᠬᠡᠬᠤᠲᠠ ᠡᠴᠡ᠃
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2742
ᠴᠠᠭ᠄ 2011 ᠤᠨ ᠤ 02 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ