☆ ᠪᠠᠶᠠᠳ ᠭᠦᠭ᠍ᠵᠢᠯ
ᠮᠤᠩᠭ᠋ᠤᠯ ᠭᠡᠷ ᠤᠨ ᠢᠷᠦᠭᠡᠯ (ᠨᠢᠭᠡ)
ᠵᠢᠪᠬᠤᠯᠠᠩᠳᠤ ᠰᠦᠮᠪᠦᠷ ᠠᠭᠤᠯᠠ ᠶᠢᠨ ᠳᠦᠷᠪᠡᠨ ᠳᠢᠪ ᠡᠴᠠ
ᠵᠠᠶᠠᠭ᠎ᠠ ᠪᠣᠶᠠᠨ ᠪᠦᠷᠢᠳᠦᠭ᠍ᠰᠡᠨ ᠪᠣᠭᠳᠠ ᠶᠢᠨ ᠶᠢᠡᠨ
ᠵᠢᠭᠠᠨ ᠳᠤᠭᠳᠠᠭᠠᠭᠰᠠᠨ ᠵᠢᠷᠤᠮ ᠢ ᠳᠠᠭᠠᠵᠤ
ᠡᠵᠡ᠊ᠨᠳᠡᠨ ᠤ ᠥᠯᠡᠳᠡᠭᠡᠭ᠍ᠰᠡᠨ ᠡᠨᠡ ᠰᠠᠢ᠌ᠬᠠᠨ ᠡᠳᠦᠷ
ᠭᠦᠭᠡ ᠮᠦᠩᠭᠦᠨ ᠣᠭᠳᠠᠷᠭᠤᠢ ᠶᠢᠨ ᠡᠪᠴᠢᠭᠦᠨ ᠳ᠋ᠤ
ᠭᠦᠷᠦᠰᠦᠳᠤ ᠠᠯᠳᠠᠨ ᠳᠡᠯᠡᠭᠡᠢ ᠶᠢᠨ ᠦᠷᠦᠴᠠᠨ ᠳ᠋ᠤ
ᠭᠦᠭᠡᠷᠤᠨ ᠣᠷᠤᠰᠬᠤ ᠮᠦᠷᠠᠨ ᠤ ᠳᠠᠠᠵᠢᠨ ᠳᠡᠭᠡᠷ᠎ᠡ
ᠭᠦᠪᠴᠢᠨ ᠨᠤᠭᠤᠭᠠᠨ ᠣᠢ ᠶᠢᠨ ᠲᠦᠪ ᠳᠤᠮᠳᠠ
ᠠᠪᠣ ᠡᠵᠢ ᠶᠢᠨ ᠴᠠᠭ ᠡᠴᠠ ᠨᠤᠳᠤᠭᠯᠠᠨ ᠢᠷᠡᠭ᠍ᠰᠡᠨ
ᠠᠮᠤᠷᠯᠢᠩᠭ᠋ᠤᠢ ᠰᠠᠢ᠌ᠬᠠᠨ ᠡᠨᠡ ᠨᠤᠳᠤᠭ ᠳᠤ
ᠥᠷᠭᠡᠨ ᠠᠭᠤᠳᠠᠮ ᠳᠠᠯ᠎ᠠ ᠳᠡᠭᠡᠷ᠎ᠡ
ᠦᠨᠳᠦᠷ ᠴᠠᠭᠠᠨ ᠥᠷᠭᠦᠭᠡ ᠪᠠᠨ ᠪᠠᠢ᠌ᠭᠤᠯᠪᠠ
ᠠᠮᠳᠠᠳᠤ ᠠᠷᠢᠭᠢ ᠶᠢ ᠭᠡᠮᠨᠡᠵᠤ
ᠠᠯᠢᠪᠠ ᠵᠢᠮᠢᠰ ᠢ ᠳᠠᠷᠠᠮᠠᠯᠵᠤ
ᠠᠶᠠᠯᠭᠤ ᠭᠦᠭ᠍ᠵᠢᠮ ᠢ ᠨᠡᠢ᠌ᠯᠡᠭᠦᠯᠤᠨ
ᠠᠷᠢᠭᠤᠨ ᠴᠠᠭᠠᠨ ᠪᠠᠳᠢᠷ ᠵᠢᠠᠨ
ᠠᠰᠠᠷ ᠤᠨ ᠦᠨᠳᠦᠷ ᠬᠠᠷᠠᠭᠠᠵᠠᠨ ᠳ᠋ᠤ
ᠠᠰᠢᠳᠠ ᠶᠢᠨ ᠪᠠᠯᠭᠡ ᠪᠣᠯᠭᠠᠨ ᠳᠤᠭᠳᠠᠭᠠᠵᠤ
ᠭᠦᠴᠤ ᠶᠡᠭᠡᠳᠤ ᠭᠦᠳᠡᠷ ᠰᠠᠢ᠌ᠬᠠᠨ
ᠪᠠᠷᠰ ᠤᠨ ᠠᠮᠠ ᠲᠡᠶ ᠠᠯᠳᠠᠨ ᠪᠠᠭᠠᠨ᠎ᠠ ᠳᠤ ᠳᠠᠨᠢ
ᠪᠠᠳᠢᠷ ᠤᠨ ᠭᠡᠯᠳᠡᠰ ᠶᠢᠡᠨ ᠪᠠᠷᠠᠭᠠᠯᠠᠨ ᠳᠤᠭᠳᠠᠭᠠᠪᠠ
ᠵᠠᠭᠠᠨ ᠤ ᠶᠠᠰᠤ ᠪᠠᠷ ᠰᠠᠢ᠌ᠯᠵᠤ
ᠵᠠᠰᠠᠭᠰᠠᠨ ᠬᠠᠷᠠᠭᠠᠵᠠ ᠳᠠᠢ
ᠵᠠᠪᠢᠶ᠎ᠠ ᠮᠤᠳᠤ ᠪᠠᠷ ᠰᠠᠢ᠌ᠯᠵᠤ
ᠵᠠᠰᠠᠭᠰᠠᠨ ᠴᠠᠮᠬᠠᠷᠠᠢ ᠳᠠᠢ
ᠢᠷᠭᠠᠢ ᠽᠠᠠᠳᠠᠨ ᠴᠠᠭᠠᠷᠢᠭ ᠳᠠᠢ
ᠭᠦᠷᠡᠩ ᠽᠠᠠᠳᠠᠨ ᠨᠢᠷᠤᠭᠤ ᠳᠠᠢ
ᠠᠯᠳᠠᠨ ᠬᠤᠷᠯᠤ ᠶᠢᠨ ᠭᠤᠤᠯ ᠳᠠᠢ
ᠠᠷᠪᠠᠨ ᠡᠷᠳᠡᠨᠢ ᠶᠢᠨ ᠰᠠᠢ᠌ᠯᠪᠣᠷᠢ ᠳᠠᠢ
ᠵᠠᠭᠠᠨ ᠤ ᠰᠤᠶᠤᠭ᠎ᠠ ᠶᠢ ᠵᠠᠰᠠᠵᠤ ᠭᠢᠭ᠍ᠰᠡᠨ
ᠽᠠᠠᠳᠠᠨ ᠮᠤᠳᠤ ᠶᠢ ᠱᠤᠯᠤᠵᠤ ᠭᠢᠭ᠍ᠰᠡᠨ
ᠰᠠᠢ᠌ᠨ ᠮᠠᠯ ᠤᠨ ᠭᠡᠰᠢᠭ᠌ ᠶᠢᠡᠷ ᠦᠳᠡᠵᠤ ᠭᠢᠭ᠍ᠰᠡᠨ
ᠵᠠᠭᠤ ᠨᠢ᠋ᠮᠠᠨ ᠬᠤᠷᠭᠤ ᠳᠠᠢ
ᠵᠢᠷᠭᠤᠭᠠᠨ ᠰᠠᠯᠠᠭ᠎ᠠ ᠭᠡᠴᠡ ᠳᠠᠢ
ᠨᠠᠷᠠᠨ ᠰᠠᠷᠠᠨ ᠭᠡᠷᠡᠯ ᠰᠠᠴᠤᠷᠠᠭᠰᠠᠨ
ᠨᠢ᠋ᠮᠠᠨ ᠦᠯᠵᠡᠢ ᠶᠢᠨ ᠰᠢᠠᠵᠢ ᠪᠦᠷᠢᠳᠦᠭ᠍ᠰᠡᠨ
ᠡᠷᠭᠢᠮ ᠬᠤᠶᠠᠷ ᠠᠯᠳᠠᠨ ᠵᠢᠭᠠᠰᠤ
ᠡᠯᠢᠭᠡ ᠪᠠᠷ ᠶᠢᠡᠨ ᠨᠡᠢ᠌ᠯᠡᠭ᠍ᠰᠡᠨ
ᠱᠢᠷᠤᠨ ᠣᠯᠠᠭᠠᠨ ᠥᠩᠭᠡ ᠳᠠᠢ
ᠰᠢᠪᠠᠷ ᠡᠷᠳᠡᠨᠢ ᠶᠢᠨ ᠬᠠᠷᠠᠭᠠᠵᠠ ᠶᠢ ᠴᠢᠨᠢ ᠢᠷᠦᠭᠡᠶ᠎ᠡ︕
ᠰᠦᠮᠪᠦᠷ ᠠᠭᠤᠯᠠ ᠶᠢᠨ ᠰᠡᠭᠦᠳᠡᠷ ᠳᠤ
ᠰᠦᠯᠵᠢᠨ ᠭᠠᠩᠬᠤᠵᠤ ᠣᠷᠭᠤᠭᠰᠠᠨ
ᠨᠠᠪᠴᠢᠳᠤ ᠽᠠᠠᠳᠠᠨ ᠮᠤᠳᠤ ᠵᠢ
ᠨᠠᠮ ᠭᠠᠵᠠᠷ ᠠᠪᠴᠢᠷᠠᠭᠠᠤᠨ
ᠨᠠᠪᠴᠢ ᠰᠠᠯᠠᠭ᠎ᠠ ᠶᠢ ᠨᠢ ᠰᠠᠯᠭᠠᠵᠤ
ᠨᠠᠷᠢᠨ ᠪᠦᠳᠦᠭᠦᠨ ᠢ ᠨᠢ ᠢᠯᠭᠠᠵᠤ
ᠰᠤᠮᠤ ᠰᠢᠭ ᠵᠠᠯᠠᠵᠤ ᠭᠢᠭ᠍ᠰᠡᠨ
ᠨᠢ᠋ᠮᠠᠨ ᠦᠶ᠎ᠡ ᠶᠢᠨ ᠰᠢᠠᠵᠢ ᠪᠦᠷᠢᠳᠦᠭ᠍ᠰᠡᠨ
ᠨᠠᠷᠢᠬᠠᠨ ᠴᠠᠭᠠᠨ ᠣᠨᠢ ᠶᠢ ᠴᠢᠨᠢ ᠢᠷᠦᠭᠡᠶ᠎ᠡ︕
ᠬᠠᠷᠭᠠᠢ ᠽᠠᠠᠳᠠᠨ ᠢ ᠬᠠᠷᠤᠭᠤᠯᠳᠠᠵᠤ
ᠬᠠᠨ᠎ᠠ ᠶᠢᠨ ᠭᠡᠪ ᠢ ᠪᠠᠢ᠌ᠭᠤᠯᠤᠭᠰᠠᠨ
ᠡᠷ᠎ᠡ ᠰᠠᠢ᠌ᠳᠠᠢ ᠭᠦᠮᠤᠨ ᠶᠢᠡᠷ ᠡᠪᠯᠡᠭᠦᠯᠵᠤ
ᠡᠷᠳᠡᠮ ᠰᠠᠢ᠌ᠳᠠᠢ ᠭᠦᠮᠤᠨ ᠶᠢᠡᠷ ᠵᠠᠰᠠᠭᠤᠯᠤᠭᠰᠠᠨ
ᠣᠯᠠᠭᠠᠨ ᠪᠣᠤᠷ᠎ᠠ ᠶᠢᠨ ᠰᠢᠷᠢ ᠳᠠᠢ
ᠣᠷᠠᠨ ᠰᠠᠢ᠌ᠬᠠᠨ ᠣᠢ᠌ᠯᠠᠵᠤ ᠵᠥᠰᠦᠭᠡᠳ
ᠰᠢᠭᠦᠰᠤ ᠭᠠᠷᠳᠠᠯ᠎ᠠ ᠴᠢᠩᠭ᠎ᠠ ᠳᠠᠳᠠᠨ
ᠦᠳᠡᠵᠤ ᠰᠠᠢ᠌ᠬᠠᠨ ᠭᠡᠪᠯᠡᠭ᠍ᠰᠡᠨ
ᠦᠨᠳᠦᠷ ᠶᠡᠭᠡ ᠭᠡᠮᠵᠢᠶ᠎ᠡ ᠳᠠᠢ
ᠦᠯᠵᠡᠢ ᠵᠠᠩᠭᠢᠶ᠎ᠠ ᠶᠢᠨ ᠶᠠᠩᠵᠤ ᠳᠠᠢ
ᠠᠷᠪᠠᠨ ᠵᠢᠷᠭᠤᠭᠠᠨ ᠳᠤᠯᠤᠭᠠᠢ ᠳᠠᠢ
ᠴᠠᠭᠠᠨ ᠽᠠᠠᠳᠠᠨ ᠳᠠᠷᠮ᠎ᠠ ᠶᠢ ᠴᠢᠨᠢ ᠢᠷᠦᠭᠡᠶ᠎ᠡ︕
ᠬᠠᠰ ᠡᠷᠳᠡᠨᠢ ᠪᠠᠷ ᠬᠠᠪᠰᠤᠷᠤᠭᠤᠯᠵᠤ ᠵᠠᠰᠠᠭᠰᠠᠨ ᠬᠠᠭᠠᠯᠭ᠎ᠠ ᠳᠠᠢ
ᠠᠭᠠᠷᠤ ᠽᠠᠠᠳᠠᠨ ᠬᠠᠳᠠᠪᠴᠢ ᠳᠠᠢ
ᠠᠷᠴᠠᠳᠤ ᠽᠠᠠᠳᠠᠨ ᠡᠷᠭᠢᠪᠴᠢ ᠳᠠᠢ
ᠭᠦᠷᠡᠩ ᠽᠠᠠᠳᠠᠨ ᠭᠦᠷᠢᠶ᠎ᠡ ᠳᠠᠢ
ᠭᠦᠳᠡᠷ ᠪᠣᠯᠤᠳ ᠣᠨᠢᠰᠤ ᠳᠠᠢ
ᠭᠦᠮᠤᠨ ᠪᠣᠯᠭᠠᠨ ᠤ ᠣᠷᠤᠵᠤ ᠭᠠᠷᠳᠠᠭ
ᠬᠠᠭᠠᠯᠭ᠎ᠠ ᠬᠠᠳᠠᠪᠴᠢ ᠶᠢ ᠴᠢᠨᠢ ᠢᠷᠦᠭᠡᠶ᠎ᠡ︕
ᠠᠬᠤᠷ ᠬᠤᠨᠢᠨ ᠤ ᠨᠤᠤᠰᠤ ᠵᠢ
ᠠᠯᠠᠭ᠎ᠠ ᠳᠠᠷᠤᠨ ᠵᠤᠯᠤᠵᠤ
ᠡᠩ ᠦᠭᠡᠶ ᠥᠷᠭᠡᠨ ᠭᠦᠰᠢᠭᠡᠨ ᠳᠡᠭᠡᠷ᠎ᠡ
ᠡᠪ ᠢ ᠨᠢ ᠣᠯᠵᠤ ᠵᠤᠯᠤᠭᠠᠤᠨ
ᠪᠦᠯᠢᠶᠡᠨ ᠣᠰᠤ ᠪᠠᠷ ᠪᠦᠷᠢᠯᠳᠦᠭᠦᠯᠵᠤ
ᠪᠦᠭᠦᠳᠡ ᠶᠢᠨ ᠭᠠᠷ ᠶᠢᠡᠷ ᠰᠢᠷᠢᠯᠳᠦᠭᠦᠯᠵᠤ ᠭᠢᠭ᠍ᠰᠡᠨ
ᠡᠪᠳᠡᠷᠡᠯ ᠦᠭᠡᠶ ᠪᠠᠳᠤ
ᠡᠯᠡᠭ᠍ᠳᠡᠯ ᠦᠭᠡᠶ ᠪᠠᠭᠢ
ᠡᠷᠳᠡᠨᠢ ᠶᠢᠨ ᠴᠠᠭᠠᠨ ᠢᠰᠡᠭᠡᠢ ᠵᠢ
ᠬᠤᠷᠠᠭᠰᠠᠨ ᠣᠯᠠᠨ ᠠᠪᠠᠬᠠᠨ ᠪᠠᠷᠭᠡᠳ
ᠬᠤᠷᠤᠭᠤᠨ ᠤ ᠪᠠᠨ ᠣᠷᠠᠨ ᠢ ᠭᠠᠷᠭᠠᠨ ᠣᠶᠤᠭᠰᠠᠨ
ᠬᠤᠨ ᠴᠠᠭᠠᠨ ᠪᠦᠷᠢᠶᠡᠰᠤ ᠶᠢ ᠴᠢᠨᠢ ᠢᠷᠦᠭᠡᠶ᠎ᠡ︕
ᠴᠢᠳᠠᠯ ᠶᠡᠭᠡᠳᠡᠢ ᠵᠠᠯᠠᠭᠤ
ᠴᠢᠭᠢᠷᠠᠭ ᠪᠠᠶ᠎ᠠ ᠲᠡᠶ ᠭᠡᠦᠭᠡᠨ
ᠴᠢᠩᠭ᠎ᠠ ᠳᠠᠳᠠᠵᠤ ᠡᠷᠴᠢᠯᠡᠭᠦᠯᠦᠭ᠍ᠰᠡᠨ
ᠳᠠᠰᠤᠷᠠᠬᠤ ᠶᠢ ᠮᠡᠳᠡᠭᠦ ᠦᠭᠡᠶ ᠪᠠᠭᠢ
ᠰᠤᠯᠠᠷᠠᠬᠤ ᠶᠢ ᠮᠡᠳᠡᠭᠦ ᠦᠭᠡᠶ ᠴᠢᠩᠭ᠎ᠠ
ᠪᠠᠳᠤ ᠰᠠᠢ᠌ᠬᠠᠨ ᠳᠠᠷᠠᠭᠤᠯᠭᠠ ᠲᠡᠶ
ᠪᠠᠳᠮ᠎ᠠ ᠰᠠᠢ᠌ᠬᠠᠨ ᠳᠤᠪᠳᠠᠯᠭᠠ ᠳᠠᠢ
ᠳᠠᠪᠤᠨ ᠥᠩᠭᠡ ᠶᠢᠨ ᠣᠭᠤᠰᠤᠷ ᠳᠠᠢ
ᠳᠠᠩᠨᠠᠢ ᠴᠤᠬᠤᠷ ᠪᠦᠰᠡ ᠶᠢ ᠴᠢᠨᠢ ᠢᠷᠦᠭᠡᠶ᠎ᠡ︕
ᠬᠠᠨ᠎ᠠ ᠡᠴᠠ ᠪᠠᠨ ᠠᠪᠣᠭᠠᠤᠨ ᠬᠠᠯᠢᠭᠤ ᠪᠣᠯᠭᠠᠨ ᠳᠡᠪᠢᠰᠭᠡᠷ ᠳᠠᠢ
ᠬᠠᠪᠳᠠᠰᠤᠨ ᠡᠴᠠ ᠪᠠᠨ ᠠᠪᠣᠭᠠᠤᠨ ᠬᠠᠩᠪᠣ ᠳᠤᠷᠭᠠᠨ ᠭᠦᠰᠢᠭᠡ ᠳᠠᠢ
ᠡᠨᠡ ᠰᠠᠢ᠌ᠬᠠᠨ ᠭᠡᠷ ᠤᠨ ᠲᠦᠪ ᠳᠤᠮᠳᠠ
ᠣᠷᠠᠨ ᠳᠠᠷᠬᠠᠨ ᠣᠭᠠᠯᠵᠠᠯᠠᠵᠤ ᠭᠢᠭ᠍ᠰᠡᠨ
ᠣᠬᠠᠭᠠᠠᠳᠤ ᠳᠠᠷᠬᠠᠨ ᠰᠠᠢ᠌ᠯᠵᠤ ᠭᠢᠭ᠍ᠰᠡᠨ
ᠪᠠᠯᠪᠣ ᠶᠢᠨ ᠳᠠᠷᠬᠠᠨ ᠶᠢᠡᠷ ᠳᠠᠪᠳᠠᠭᠤᠯᠵᠤ ᠭᠢᠭ᠍ᠰᠡᠨ
ᠴᠠᠰᠤ ᠮᠦᠩᠭᠦᠨ ᠭᠠᠯ ᠳᠤᠯᠭ᠎ᠠ ᠶᠢ ᠴᠢᠨᠢ ᠢᠷᠦᠭᠡᠶ᠎ᠡ︕
ᠭᠦᠷᠡᠯ ᠰᠢᠷᠠᠮᠤ ᠶᠢ ᠬᠠᠢ᠌ᠯᠤᠭᠤᠯᠵᠤ ᠭᠢᠭ᠍ᠰᠡᠨ
ᠭᠦᠷᠢᠶ᠎ᠡ ᠭᠠᠵᠠᠷ ᠴᠢᠤᠠᠬᠤᠵᠤ ᠭᠢᠭ᠍ᠰᠡᠨ
ᠭᠦᠮᠤᠨ ᠪᠦᠭᠦᠨ ᠤ ᠣᠮᠳᠠ ᠬᠤᠭᠤᠯᠠ ᠶᠢ ᠭᠢᠭ᠍ᠰᠡᠨ
ᠴᠤᠯᠤ ᠭᠦᠷᠡᠯ ᠬᠠᠢ᠌ᠰᠤ ᠳᠠᠢ
ᠴᠢᠤᠠᠬᠤᠮᠠᠯ ᠰᠢᠨᠠᠭ᠎ᠠ ᠶᠢ ᠴᠢᠨᠢ ᠢᠷᠦᠭᠡᠶ᠎ᠡ︕
ᠪᠠᠷᠠᠭᠠᠨ ᠤ ᠳᠡᠭᠡᠷ᠎ᠡ ᠬᠤᠷᠢᠶᠠᠭᠰᠠᠨ
ᠳᠠᠷᠰ ᠡᠷᠢᠶᠡᠨ ᠬᠡ ᠳᠠᠢ
ᠪᠠᠳᠮ᠎ᠠ ᠳᠡᠭ᠍ᠷᠢ ᠶᠢᠨ ᠰᠢᠠᠵᠢ ᠳᠠᠢ
ᠣᠷᠤᠰ ᠮᠦᠩᠭᠦᠨ ᠴᠤᠤᠵᠢ ᠲᠡᠶ
ᠣᠯᠠᠨ ᠶᠠᠩᠵᠤ ᠶᠢᠨ ᠳᠦᠯᠭᠢᠭᠦᠷ ᠳᠠᠢ
ᠴᠢᠤᠠᠬᠤᠮᠠᠯ ᠠᠯᠳᠠᠨ ᠭᠤᠬ᠎ᠠ ᠳᠠᠢ
ᠠᠪᠳᠠᠷ᠎ᠠ᠂ ᠳᠡᠭᠦᠨ ᠤ ᠳᠤᠳᠤᠷ᠎ᠠ
ᠠᠷᠪᠠᠨ ᠶᠠᠩᠵᠤ ᠶᠢᠨ ᠳᠤᠷᠭ᠎ᠠ
ᠬᠤᠢ ᠲᠡᠶ ᠳᠤᠷᠭ᠎ᠠ᠂ ᠬᠤᠢ ᠦᠭᠡᠶ ᠳᠤᠷᠭ᠎ᠠ
ᠬᠠᠷ᠎ᠠ ᠭᠦᠷᠮ᠎ᠡ᠂ ᠬᠠᠯᠢᠭᠤᠨ ᠭᠦᠷᠮ᠎ᠡ
ᠪᠣᠯᠢᠭᠠᠷᠢ ᠭᠤᠳᠤᠯ᠂ ᠪᠣᠯᠭᠠᠨ ᠳᠤᠭᠤᠷᠰᠤᠭ
ᠵᠡᠭᠦᠨ ᠪᠠᠶ᠎ᠠ ᠶᠢᠨ ᠴᠢᠨᠢ ᠪᠠᠷᠠᠭ᠎ᠠ ᠵᠢ
ᠵᠤᠢᠷ ᠤᠨ ᠠᠷᠠᠰᠤ ᠪᠠᠷ ᠪᠦᠷᠭᠦᠵᠤ
ᠵᠡᠭᠦᠭ᠍ᠰᠡᠨ ᠡᠮᠦᠰᠦᠭ᠍ᠰᠡᠨ ᠬᠤᠶᠠᠷ ᠴᠢᠨᠢ
ᠳᠤᠷᠭ᠎ᠠ ᠮᠠᠩᠨᠤᠭ ᠪᠠᠢ᠌ᠬᠤ ᠪᠣᠯᠤᠳᠤᠭᠠᠢ︕
ᠪᠠᠷᠠᠭᠤᠨ ᠪᠠᠶ᠎ᠠ ᠶᠢᠨ ᠴᠢᠨᠢ ᠪᠠᠷᠠᠭ᠎ᠠ ᠵᠢ
ᠪᠠᠷᠰ ᠤᠨ ᠠᠷᠠᠰᠤ ᠪᠠᠷ ᠪᠦᠷᠭᠦᠵᠤ
ᠪᠠᠷᠢᠭᠰᠠᠨ ᠳᠠᠯᠪᠢᠭᠰᠠᠨ ᠬᠤᠶᠠᠷ ᠴᠢᠨᠢ
ᠠᠯᠳᠠ ᠮᠦᠩᠭᠦ ᠬᠤᠶᠠᠷ ᠪᠠᠢ᠌ᠬᠤ ᠪᠣᠯᠤᠳᠤᠭᠠᠢ︕
ᠬᠠᠳᠠᠷᠢᠭᠠᠤᠨ ᠭᠦᠷᠦᠰᠢᠭᠦᠢ ᠪᠠᠢ᠌ᠷᠢ ᠳᠠᠢ
ᠬᠠᠷᠪᠣᠭᠠᠤᠨ ᠭᠦᠷᠦᠰᠢᠭᠦᠢ ᠵᠠᠯ᠎ᠠ ᠲᠡᠶ ᠪᠠᠢ᠌ᠬᠤ ᠪᠣᠯᠤᠳᠤᠭᠠᠢ︕
(《ᠡᠷᠳᠡᠨᠢᠳᠤ ᠬᠤᠳᠤᠭᠤᠷ》 ᠭᠡᠭᠦ ᠨᠤᠮ ᠡᠴᠠ)
ᠵᠤᠬᠢᠶᠠᠭᠴᠢ᠄ ᠪᠠᠶᠠᠳ ᠭᠦᠭ᠍ᠵᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠵᠠᠩ ᠤᠢ᠌ᠯᠠᠳᠠᠷᠤᠮ᠄ 7503
ᠴᠠᠭ᠄ 2010 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ