ᠨᠡᠪᠲᠡᠷᠡᠨ ᠤᠷᠤᠬᠤ
ᠬᠤᠯᠠᠩ ᠤᠨ ᠣᠳᠤᠭ᠎ᠠ ᠬᠤᠳᠠ ᠪᠠᠨ ᠡᠷᠭᠢᠨ᠎ᠡ

ᠠᠰᠠᠷ ᠡᠴᠡ ᠬᠠᠪᠢ ᠦᠭᠡᠶ ᠦᠨᠳᠦᠷ ᠱᠠᠯᠳᠠᠩ ᠬᠤᠯᠠᠩ ᠰᠡᠭᠦᠢᠨ᠎ᠡ

ᠠᠭᠠᠷ ᠵᠥᠭ᠌ ᠡᠳᠦᠷᠵᠢᠨ ᠪᠦᠭᠡᠮ ᠬᠠᠷ᠎ᠠ ᠣᠳᠤᠭ᠎ᠠ ᠪᠠᠭᠠᠭᠢᠭᠤᠯᠤᠨ᠎ᠠ

ᠳᠡᠷᠳᠡᠭᠡᠭᠢ ᠠᠭᠤᠯᠠᠨ ᠤ ᠪᠠᠷ᠎ᠠ ᠨᠢ ᠰᠥᠦᠳᠡᠭᠡᠷ

ᠳᠡᠭᠡᠭ᠍ᠰᠢᠯᠡᠭᠦ ᠨᠠᠷᠠᠨ ᠤ ᠵᠢᠰᠤ ᠨᠢ ᠪᠦᠦᠳᠡᠭᠡᠷ

ᠦᠨᠳᠦᠷ ᠦᠨᠳᠦᠷ ᠶᠢᠡᠨ ᠮᠦᠷᠣᠢ᠌ᠴᠠᠵᠤ ᠠᠰᠠᠷ ᠤᠨ ᠰᠢᠭᠤᠢ ᠳᠡᠭᠡᠭ᠍ᠰᠢ ᠪᠣᠰᠤᠨ᠎ᠠ

ᠡᠭᠦᠳᠡ ᠡᠭᠦᠳᠡ ᠪᠠᠷ ᠰᠢᠷᠭᠤᠵᠤ ᠠᠶᠤᠯ ᠤᠨ ᠣᠳᠤᠭ᠎ᠠ ᠳᠤᠭᠤᠭᠰᠢ ᠳᠤᠨᠤᠨ᠎ᠠ

ᠮᠠᠭᠤᠳᠠᠳᠠᠯ᠎ᠠ ᠠᠶᠠᠯᠠᠭᠰᠠᠨ ᠬᠠᠯᠳᠠᠷ ᠨᠠᠷᠠᠨ ᠠᠭᠤᠯᠠ ᠶᠢᠨ ᠴᠠᠭᠠᠨ᠎ᠠ ᠰᠢᠩᠭᠡᠨ᠎ᠡ

ᠮᠠᠭᠤ ᠰᠠᠨᠠᠭ᠎ᠠ ᠪᠠᠶ᠎ᠠ ᠶᠢ ᠣᠷᠢᠶᠠᠬᠤ ᠰᠢᠭ ᠣᠳᠤᠭ᠎ᠠ ᠡᠰᠡ ᠰᠢᠩᠭᠡᠨ᠎ᠡ

ᠬᠤᠯᠠᠩ ᠤᠨ ᠣᠳᠤᠭ᠎ᠠ ᠬᠤᠯᠠ ᠶᠠᠪᠣᠬᠤ ᠦᠭᠡᠶ

ᠬᠤᠳᠠ ᠪᠠᠨ ᠡᠷᠭᠢᠨ᠎ᠡ᠂ ᠡᠷᠭᠢᠨ ᠡᠷᠭᠢᠨ᠎ᠡ

ᠬᠤᠭ ᠨᠤᠪᠰᠢ ᠳᠤ ᠪᠠᠨ ᠡᠭᠦᠷᠳᠦᠭ᠍ᠰᠡᠭᠡᠷ ᠭᠦᠮᠦᠰ

ᠬᠤᠷᠸ᠎ᠠ ᠳᠤ ᠡᠷᠭᠢᠨ᠎ᠡ᠂ ᠡᠷᠭᠢᠨ ᠡᠷᠭᠢᠨ᠎ᠡ


2009.8.14

ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2633
ᠴᠠᠭ᠄ 2009 ᠤᠨ ᠤ 08 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ