☆ ᠪᠦᠬᠡᠵᠢᠷᠭᠠᠯ
ᠪᠠᠢ᠌ᠭᠠᠯᠢ ᠳᠠᠭᠠᠨ ᠪᠣᠶᠠᠠᠰᠠᠭ ᠪᠠᠢ᠌ᠶ᠎ᠠ
ᠰᠦ᠋ ᠪᠠᠷ ᠢᠪᠢᠯᠳᠡᠭ᠌ ᠪᠠᠢ᠌ᠭᠠᠯᠢ ᠪᠠᠨ
ᠰᠥᠭᠡ ᠪᠠᠷ ᠪᠣᠤ ᠴᠠᠪᠴᠢᠨ᠎ᠠ ᠭᠡᠳ ᠪᠠᠢ᠌ᠶ᠎ᠠ
ᠰᠥᠰᠦᠭᠯᠡᠨ ᠰᠢᠳᠦᠳᠡᠭ᠌ ᠣᠩᠭ᠋ᠤᠳ ᠵᠢᠠᠨ
ᠰᠡᠭᠦᠷᠡᠰᠦᠯᠡᠭᠦᠯᠵᠤ ᠪᠣᠤ ᠭᠤᠮᠤᠳᠠᠭᠠᠭᠠᠤᠨ ᠪᠠᠢ᠌ᠶ᠎ᠠ
ᠣᠷᠠᠨ ᠭᠡᠯᠡᠳᠡᠢ ᠰᠢᠪᠠᠭᠤᠳ ᠵᠢᠠᠨ
ᠣᠳᠤᠮ ᠢ ᠨᠢ ᠳᠠᠰᠤᠯᠤᠯ ᠦᠭᠡᠶ ᠬᠠᠢ᠌ᠷᠠᠯᠠᠵᠤ ᠪᠠᠢ᠌ᠶ᠎ᠠ
ᠣᠠᠴᠠᠯᠢᠭ ᠣᠯᠠᠩᠬᠠᠨ ᠠᠷᠢᠶᠠᠳᠠᠤᠨ ᠵᠢᠠᠨ
ᠣᠷᠴᠢᠯᠠᠩ ᠤᠨ ᠴᠢᠮᠡᠭ᠌ ᠭᠡᠵᠤ ᠨᠠᠠᠳᠢᠩᠨᠠᠵᠤ ᠪᠠᠢ᠌ᠶ᠎ᠠ
ᠦᠨᠳᠦᠰᠦ ᠨᠠᠮᠠᠭᠠᠳᠤ ᠣᠷᠭᠤᠮᠠᠯ ᠵᠢᠠᠨ
ᠦᠷᠤᠰᠢᠶᠠᠯ ᠬᠠᠢ᠌ᠷ᠎ᠠ ᠳᠠᠭᠠᠨ ᠪᠠᠭᠳᠠᠭᠠᠵᠤ ᠪᠠᠢ᠌ᠶ᠎ᠠ
ᠦᠪᠡᠷ ᠦᠪᠡᠷ ᠤᠨ ᠭᠢᠨᠢ ᠵᠢᠰᠤ ᠪᠠᠷ ᠨᠢ
ᠥᠯᠦᠭᠡᠢ ᠨᠤᠳᠤᠭ ᠶᠢᠡᠨ ᠴᠢᠮᠠᠵᠤ ᠪᠠᠢ᠌ᠶ᠎ᠠ
ᠣᠰᠤ ᠭᠤᠤᠯ ᠤᠨ ᠶᠢᠡᠨ ᠰᠤᠷᠪᠣᠯᠵᠢ ᠵᠢ
ᠣᠷᠳᠤᠮᠵᠢ ᠶᠢᠨ ᠡᠭᠦᠳᠡᠨ ᠡᠴᠠ ᠬᠠᠮᠠᠭᠠᠯᠠᠵᠤ ᠪᠠᠢ᠌ᠶ᠎ᠠ
ᠣᠰᠤ ᠪᠣᠯ ᠳᠡᠯᠡᠭᠡᠢ ᠡᠵᠢ ᠶᠢᠨ 《ᠴᠢᠰᠤ》 ᠶᠤᠮ ᠭᠡᠵᠤ
ᠣᠬᠠᠮᠰᠠᠷᠠᠵᠤ ᠪᠦᠭᠦᠳᠡᠭᠡᠷ ᠶᠢᠡᠨ ᠭᠠᠮᠨᠠᠵᠤ ᠪᠠᠢ᠌ᠶ᠎ᠠ
ᠭᠦᠷᠦᠰᠤᠨ ᠳᠤᠤᠷᠠᠭᠢ ᠪᠣᠯᠠᠭᠳᠠᠴᠠ ᠪᠠᠨ
ᠭᠦᠭᠡᠷᠦᠤ ᠪᠠᠷ ᠪᠣᠤ ᠠᠭᠤᠳᠠᠯᠠᠭᠠᠤᠨ ᠪᠠᠢ᠌ᠶ᠎ᠠ
ᠭᠡᠮᠵᠢᠶ᠎ᠡ ᠲᠡᠶ ᠯᠠ ᠬᠠᠳᠠᠭᠠᠯᠠᠭᠳᠠᠭᠠ ᠡᠷᠳᠡᠨᠢᠰ ᠵᠢᠠᠨ
ᠬᠡᠦᠬᠡᠳ ᠬᠣᠢ᠌ᠴᠢᠰ ᠲᠠᠭᠠᠨ ᠥᠯᠡᠳᠡᠭᠡᠵᠤ ᠪᠠᠢ᠌ᠶ᠎ᠠ
ᠭᠦᠮᠤᠨ ᠨᠢ ᠪᠠᠢ᠌ᠭᠠᠯᠢ ᠪᠠᠨ ᠬᠠᠢ᠌ᠷᠠᠯᠠᠳᠠᠭ ᠯᠠ ᠪᠣᠯ
ᠭᠡᠰᠢᠭ᠌ ᠪᠣᠶᠠᠨ ᠢ ᠨᠢ ᠭᠦᠷᠳᠡᠭᠦ ᠯᠠ ᠶᠤᠮ
ᠬᠤᠪᠳᠤᠭ ᠰᠢᠨᠤᠬᠠᠢ ᠭᠡᠳᠦᠷᠡᠪᠠᠯ ᠦᠦ ︖
ᠬᠤᠷᠮᠤᠰᠳᠠ ᠶᠢᠨ ᠰᠢ᠌ᠳᠭᠡᠯ ᠳᠤ ᠣᠷᠢᠶᠠᠭᠳᠠᠨᠠ ᠰᠢᠤ︕
ᠵᠤᠬᠢᠶᠠᠭᠴᠢ ᠶᠢᠨ ᠬᠠᠶᠢᠭ ᠄ ᠭᠡᠰᠢᠭ᠍ᠳᠡᠨ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2010 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ