☆ ᠴᠡᠯᠡᠭᠡᠷ
ᠪᠢ ᠴᠢᠮ᠎ᠠ ᠳᠤ ᠬᠠᠢ᠌ᠷᠠᠳᠠᠢ ᠶᠠᠪᠣᠭᠰᠠᠨ
ᠨᠢ᠋ᠮᠠᠨ ᠰᠠᠷ᠎ᠠ ᠶᠢᠨ ᠴᠡᠴᠡᠭ᠌ ᠰᠢᠭ᠌ ᠵᠢᠰᠤ ᠨᠠᠳᠠ ᠳᠤ ᠵᠠᠶᠠᠭ᠎ᠠ ᠥᠭᠡᠢ
ᠨᠠᠷᠠᠨ ᠡᠴᠠ ᠴᠤ ᠴᠤᠭᠳᠠᠢ ᠪᠠᠢ᠌ᠭᠰᠠᠨ ᠴᠢᠮ᠎ᠠ ᠳᠤ ᠪᠢ ᠳᠤᠷᠠᠯᠠᠭᠰᠠᠨ
ᠨᠠᠢ᠌ᠵᠠ ᠳᠤ ᠪᠠᠨ ᠪᠢ ᠴᠢᠮᠢ᠋ᠢ ᠨᠠᠢ᠌ᠵᠠ ᠭᠡᠵᠤ ᠳᠠᠨᠢᠯᠴᠠᠭᠤᠯᠤᠭᠰᠠᠨ
ᠨᠠᠷᠠ ᠰᠢᠭ ᠴᠢᠨᠤ ᠭᠠᠯ ᠰᠢᠭ ᠬᠠᠢ᠌ᠷ᠎ᠠ ᠶᠢᠨ ᠥᠭᠡ ᠶᠢ ᠰᠤᠨᠤᠰᠬᠤ ᠭᠡᠵᠤ
ᠨᠠᠷᠢᠬᠠᠨ ᠰᠢᠩᠭᠡᠨ ᠭᠡᠵᠢᠭᠡ ᠪᠠᠨ ᠭᠤᠶᠤᠨ ᠭᠤᠶᠤᠨ ᠴᠢᠮᠡᠳᠡᠭ᠌ ᠪᠠᠢ᠌ᠭᠰᠠᠨ
ᠨᠠᠷᠠ ᠰᠢᠭ ᠳᠦᠷᠦᠭ᠍ᠰᠡᠨ ᠴᠢᠮᠢ᠋ᠢ ᠰᠢᠷᠳᠡᠭᠦ ᠳᠤ ᠪᠠᠨ
ᠨᠠᠷᠠᠨ ᠳᠤ ᠪᠣᠷᠤᠯᠠᠭᠰᠠᠨ ᠴᠢᠷᠠᠢ ᠶᠢᠨ ᠮᠢᠨᠢ ᠣᠯᠠᠢ᠌ᠭᠠ ᠶᠢ ᠴᠢ ᠠᠩᠵᠠᠷᠠᠭᠠ ᠦᠭᠡᠶ᠃
ᠥᠯᠢᠭᠡᠷ ᠤᠨ ᠪᠠᠭᠠᠳᠤᠷ ᠨᠢ ᠴᠢ ᠪᠠᠢ᠌ᠭᠰᠠᠨ ᠶᠤᠮ
ᠥᠯᠢᠭᠡᠷ ᠶᠠᠷᠢᠳᠠᠭ ᠨᠢ ᠪᠢ ᠪᠠᠢ᠌ᠭᠰᠠᠨ ᠶᠤᠮ
ᠬᠠᠭᠠᠨ ᠭᠦᠪᠠᠭᠦᠨ ᠨᠢ ᠴᠢ ᠪᠠᠢ᠌ᠭᠰᠠᠨ ᠶᠤᠮ
ᠬᠠᠷᠠᠴᠤ ᠶᠢᠨ ᠦᠬᠢᠨ ᠨᠢ ᠪᠢ ᠪᠠᠢ᠌ᠭᠰᠠᠨ ᠶᠤᠮ
ᠬᠠᠢ᠌ᠷ᠎ᠠ ᠡᠭᠦᠰᠦᠭ᠍ᠰᠡᠨ ᠦᠭᠡᠶ ᠨᠢ ᠦᠨᠡᠨ ᠪᠠᠢ᠌ᠭᠰᠠᠨ
ᠬᠠᠢ᠌ᠷᠠᠳᠠᠢ ᠪᠠᠢ᠌ᠭᠰᠠᠨ ᠨᠢ ᠴᠤ ᠦᠨᠡᠨ ᠪᠠᠢ᠌ᠭᠰᠠᠨ
ᠬᠠᠷᠠᠮᠰᠠᠯᠳᠠᠢ ᠨᠢ ᠴᠢ ᠨᠠᠳᠠ ᠳᠤ ᠳᠤᠷᠠᠯᠠᠭ᠎ᠠ ᠦᠭᠡᠶ ᠪᠠᠢ᠌ᠭᠰᠠᠨ᠃
ᠣᠴᠢᠷᠯᠠᠵᠤ ᠴᠢ ᠨᠢᠭᠡ ᠴᠤ ᠣᠳᠠᠭ᠎ᠠ ᠣᠢ᠌ᠯᠭᠠᠭᠠ ᠥᠭᠡᠢ
ᠦᠷᠭᠦᠯᠵᠢ ᠨᠠᠮᠢ᠋ᠢ ᠭᠤᠮᠤᠳᠠᠭᠠᠳᠠᠭ ᠪᠠᠢ᠌ᠭᠰᠠᠨ
ᠣᠯᠠᠨ ᠰᠠᠢ᠌ᠬᠠᠨ ᠭᠡᠦᠭᠡᠡᠴᠦᠳ ᠴᠢᠨᠤ ᠳᠤᠭᠤᠷᠢᠨ ᠳᠤ ᠡᠷᠭᠢᠯᠳᠦᠨ᠎ᠡ
ᠣᠷᠴᠢᠯᠠᠩ ᠤᠨ ᠬᠠᠮᠤᠭ ᠰᠠᠢ᠌ᠬᠠᠨ ᠥᠭᠡᠰ ᠳᠠᠳᠠ ᠣᠷᠤᠭᠤ ᠭᠦᠶᠦᠯᠳᠦᠨ᠎ᠡ
ᠳᠡᠭᠡᠭᠦ ᠳᠤ ᠪᠢ ᠬᠠᠵᠠᠭᠤ ᠳᠤ ᠴᠢᠨᠢ ᠪᠠᠢ᠌ᠭᠰᠠᠨ ᠢ ᠴᠢ ᠮᠡᠳᠡᠭᠡ ᠥᠭᠡᠢ
ᠳᠠᠷᠠ ᠪᠣᠷᠮ᠎ᠠ ᠰᠢᠭ᠌ ᠥᠭᠡᠨ ᠡᠴᠠ ᠪᠠᠨ ᠨᠢᠭᠡ ᠴᠤ ᠱᠠᠩᠨᠠᠭᠠ ᠥᠭᠡᠢ
ᠣᠷᠴᠢᠯᠠᠩ ᠳᠤ ᠭᠤᠶᠤ ᠭᠡᠦᠭᠡᠡᠴᠦᠳ ᠣᠯᠠᠨ ᠵᠠᠶᠠᠭᠠᠭᠰᠠᠨ ᠢ ᠪᠢ ᠮᠠᠳᠠᠨ᠎ᠡ
ᠣᠭᠳᠠᠷᠭᠤᠢ ᠳᠤ ᠭᠡᠷᠡᠯ ᠲᠡᠶ ᠨᠢ ᠨᠠᠷᠠ ᠰᠠᠷᠠᠨ ᠪᠠᠢ᠌ᠳᠠᠭ ᠢ ᠪᠢ ᠣᠢ᠌ᠯᠠᠭᠠᠨ᠎ᠠ᠃
ᠨᠠᠷᠠ ᠰᠠᠷ᠎ᠠ ᠣᠭᠳᠠᠷᠭᠤᠢ ᠳᠤ ᠰᠠᠴᠠᠭᠤᠯᠳᠠᠭ ᠭᠡᠨ᠎ᠡ ᠯᠠᠢ
ᠨᠠᠷᠠᠯᠠᠭ ᠬᠤᠷᠸ᠎ᠠ ᠳᠤ ᠪᠢ ᠴᠢᠮ᠎ᠠ ᠲᠡᠶ ᠰᠠᠴᠠᠭᠤᠯᠬᠤ ᠦᠭᠡᠶ ᠪᠠᠨ ᠮᠡᠳᠡᠭ᠍ᠰᠡᠨ
ᠳᠡᠭᠡᠭᠦ ᠳᠤ ᠳᠠᠷᠠ ᠰᠠᠷ᠎ᠠ ᠨᠢ ᠴᠢ ᠪᠠᠢ᠌ᠭᠰᠠᠨ
ᠳᠡᠷᠭᠡᠳᠡᠭᠢ ᠵᠢᠵᠢᠭ᠌ ᠣᠳᠤ ᠨᠢ ᠪᠢ ᠪᠠᠢ᠌ᠭᠰᠠᠨ᠃
ᠨᠠᠷᠠ ᠰᠢᠭ ᠰᠠᠷ᠎ᠠ ᠰᠢᠭ᠌ ᠴᠢᠮ᠎ᠠ ᠳᠤ ᠬᠠᠢ᠌ᠷᠠᠳᠠᠢ ᠪᠠᠢ᠌ᠭᠰᠠᠨ ᠨᠢ ᠦᠨᠡᠨ ᠪᠠᠢ᠌ᠭᠰᠠᠨ
ᠨᠠᠰᠤ ᠪᠠᠷ ᠪᠢ ᠲᠡᠶ ᠴᠢᠮᠢ᠋ᠢ ᠵᠢᠷᠭᠠᠬᠤ ᠰᠠᠨ ᠭᠡᠵᠤ ᠭᠦᠰᠡᠳᠡᠭ᠌ ᠨᠢ ᠵᠡᠭᠦᠳᠤ ᠪᠠᠢ᠌ᠭᠰᠠᠨ᠃
ᠨᠠᠢ᠌ᠵᠠ ᠶᠢᠨ ᠮᠢᠨᠢ ᠳᠤᠮᠳᠠ ᠴᠢ ᠨᠠᠢ᠌ᠵᠠ ᠶᠠᠪᠣᠭᠰᠠᠨ
ᠨᠠᠢ᠌ᠵᠠ ᠳᠤ ᠪᠠᠨ᠂ ᠪᠢ ᠴᠢᠮ᠎ᠠ ᠳᠤ ᠬᠠᠢ᠌ᠷᠠᠳᠠᠢ ᠶᠠᠪᠣᠭᠰᠠᠨ᠃
ᠵᠤᠬᠢᠶᠠᠭᠴᠢ ᠶᠢᠨ ᠬᠠᠶᠢᠭ ᠄ ᠣᠷᠳᠤᠰ
ᠵᠤᠬᠢᠶᠠᠭᠴᠢ᠄ ᠴᠡᠯᠡᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3187
ᠴᠠᠭ᠄ 2011 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ